ᠬᠥᠬᠡ ᠯᠤᠤ ᠵᠢᠯ ᠠᠶᠠᠷᠯᠠᠨ ᠣᠳᠴᠤ᠂ ᠬᠥᠬᠡᠭᠴᠢᠨ ᠮᠣᠭᠠᠢ ᠵᠢᠯ ᠭᠦᠷ ᠨᠠᠷᠭᠢᠶᠠᠨ ᠲᠠᠢ ᠴᠠᠭᠠᠨ ᠰᠠᠷ᠎ᠠ ᠶᠢᠨ | ᠳᠤᠮᠳᠠ ᠬᠤᠷᠸ᠎ᠠ ᠳᠤ ᠰᠠᠭᠠᠲᠠᠯ᠎ᠠ᠂ ᠭᠡᠪᠡᠴᠦ ᠣᠨ ᠤ ᠡᠬᠢᠨ ᠳᠤ ᠳᠡᠯᠡᠬᠡᠢ ᠶᠢᠷᠲᠢᠨᠴᠦ ᠮᠥᠨ ᠯᠡ ᠨᠠᠮᠵᠢᠭᠤᠨ | ᠲᠣᠭᠲᠠᠭᠤᠨ ᠦᠭᠡᠢ᠂ ᠲᠠᠶᠢᠨ ᠳᠠᠵᠢᠨ᠂ ᠠᠯᠠᠯᠳᠤᠭᠠᠨ ᠲᠤᠯᠤᠯᠳᠤᠭᠠᠨ᠂ ᠵᠡᠪᠰᠡᠭ ᠤᠨ ᠲᠡᠮᠡᠴᠡᠯ᠂ ᠠᠷᠠᠯᠵᠢᠶᠠᠨ ᠤ | ᠲᠡᠮᠡᠴᠡᠯ ᠁ ᠶᠡᠷᠦ ᠨᠢ ᠲᠠᠶᠢᠪᠤᠩ ᠪᠤᠰᠤ ᠶᠢᠨ ᠳᠤᠮᠳᠠ ᠬᠥᠬᠡᠭᠴᠢᠨ ᠮᠣᠭᠠᠢ ᠵᠢᠯ ᠲᠠᠶᠢᠪᠤᠩ ᠴᠠᠭᠠᠨ ᠬᠦᠰᠡᠯ | ᠡᠰᠡᠨᠢᠭᠦᠯᠦᠨ᠂ ᠡᠩᠬᠡ ᠲᠦᠪᠰᠢᠨ ᠲᠦᠮᠡᠨ ᠵᠢᠷᠭᠠᠯ ᠢ ᠪᠡᠯᠭᠡᠳᠡᠨ᠂ ᠬᠥᠮᠥᠨ ᠠᠷᠠᠳ ᠤᠨ ᠪᠡᠯᠭᠡᠰᠢᠶᠡᠳᠠᠢ ᠦᠭᠡᠰ ᠤᠨ | ᠳᠤᠮᠳᠠ ᠬᠦᠷᠴᠦ ᠢᠷᠡᠯ᠎ᠠ᠃ | ᠴᠠᠭᠠᠨ ᠰᠠᠷ᠎ᠠ ᠪᠠᠷ ᠨᠤᠲᠤᠭ ᠲᠠᠭᠠᠨ ᠬᠠᠷᠢᠵᠤ ᠰᠢᠨᠡᠯᠡᠭᠰᠡᠨ ᠪᠢᠯᠡ᠃ ᠨᠤᠲᠤᠭ ᠤᠨ ᠮᠢᠨᠢ ᠴᠠᠭᠠᠨ ᠰᠠᠷ᠎ᠠ ᠭᠡᠵᠦ | ᠵᠤᠷᠰᠢᠯ ᠶᠣᠰᠣᠭᠠᠷ ᠰᠠᠶᠢᠬᠠᠨ ᠪᠠᠶᠢᠪᠠ᠃ ᠮᠢᠬ᠎ᠠ ᠪᠠᠩᠰᠢ ᠲᠠᠪᠠᠭ ᠳᠦᠭᠦᠷᠡᠩ᠂ ᠢᠳᠡᠭᠡᠨ ᠤᠮᠳᠠᠭᠠᠨ ᠰᠢᠷᠡᠭᠡ | ᠳᠦᠭᠦᠷᠡᠩ ᠦᠷᠤᠵᠤ᠂ ᠲᠠᠪᠤᠨ ᠬᠤᠰᠢᠭᠤ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠰᠢᠨ᠎ᠡ ᠶᠢᠨ ᠢᠳᠡᠭᠡᠨ ᠤ | ᠭᠤᠣᠯ ᠢᠳᠡᠭᠡᠨ ᠪᠣᠯᠵᠤ᠂ ᠥᠩᠭᠡ ᠶᠢᠨ ᠲᠡᠷᠯᠢᠭ ᠢᠶᠠᠷ ᠴᠢᠮᠡᠭᠰᠡᠨ ᠬᠥᠮᠥᠰ ᠠᠬ᠎ᠠ ᠳᠡᠭᠦᠦ ᠲᠦᠷᠤᠯ ᠰᠠᠳᠤᠨ ᠢᠶᠠᠷ | ᠢᠶᠠᠨ ᠲᠣᠭᠤᠷᠢᠵᠤ ᠰᠢᠨ᠎ᠡ ᠶᠢᠨ ᠮᠠᠨᠳᠤ ᠬᠦᠷᠭᠡᠨ᠂ ᠤᠯᠠᠮᠵᠢᠯᠠᠯᠲᠤ ᠵᠠᠩᠰᠢᠯ ᠶᠣᠰᠣᠭᠠᠷ ᠭᠦᠷ ᠬᠥᠭᠵᠢᠶᠡᠨᠲᠡᠢ ᠰᠢᠨᠡᠯᠡᠵᠤ | ᠪᠠᠶᠢᠭᠰᠠᠨ ᠪᠠᠶᠢᠳᠠᠯ ᠥᠷᠨᠢᠭᠦᠨ ᠪᠠᠳᠠᠷᠠᠭᠤᠨ ᠬᠠᠷᠠᠭᠳᠠᠵᠤ ᠪᠠᠶᠢᠯ᠎ᠠ᠃ ᠴᠠᠭᠠᠨ ᠰᠠᠷ᠎ᠠ ᠶᠢᠨ ᠲᠠᠪᠠᠭ ᠪᠣᠯ ᠠᠶᠢᠯ ᠪᠦᠷᠢ | ᠶᠢᠨ ᠴᠠᠭᠠᠨ ᠰᠠᠷ᠎ᠠ ᠶᠢᠨ ᠴᠢᠮᠡᠭ ᠪᠣᠯᠵᠤ ᠲᠠᠭᠠᠷᠠᠨ᠎ᠠ᠃ ᠴᠠᠭᠠᠨ ᠢᠳᠡᠭᠡᠨ ᠤ ᠦᠢᠯᠡᠰ ᠤᠨ ᠬᠥᠭᠵᠢᠯᠲᠡ ᠶᠢ | ᠳᠠᠭᠠᠯᠳᠤᠨ ᠤᠳᠤ ᠴᠠᠭᠠᠨ ᠰᠠᠷ᠎ᠠ ᠶᠢᠨ ᠲᠠᠪᠠᠭ ᠤᠨ ᠭᠡᠯᠪᠡᠷᠢ ᠶᠠᠩᠵᠤ ᠴᠤ ᠤᠯᠠᠨ ᠪᠣᠯᠵᠠᠢ᠂ ᠵᠠᠷᠢᠮ ᠨᠢ | ᠤᠯᠠᠮᠵᠢᠯᠠᠯᠲᠤ ᠮᠠᠶ᠋ᠢᠭ ᠤᠨ ᠲᠣᠭᠤᠷᠢᠭ ᠬᠤᠷᠤᠳ ᠢᠶᠠᠷ ᠲᠠᠪᠠᠭᠯᠠᠵᠤ ᠪᠠᠶᠢᠬᠤ ᠳᠤ ᠵᠠᠷᠢᠮ ᠨᠢ ᠬᠠᠷᠢᠨ ᠲᠤᠰᠬᠠᠢ | ᠬᠢᠯᠭᠡᠭᠰᠡᠨ ᠬᠤᠷᠤᠳ ᠢᠶᠠᠷ ᠢᠨᠳᠡᠷᠯᠡᠭᠦᠯᠦᠨ ᠲᠠᠪᠠᠭᠯᠠᠭᠰᠠᠨ ᠰᠤᠪᠤᠷᠭᠠᠨ ᠭᠡᠯᠪᠡᠷᠢ ᠶᠢᠨ ᠤᠷᠳᠤ ᠳᠥᠷᠪᠡᠯᠵᠢᠨ ᠲᠠᠪᠠᠭ | ᠴᠤ ᠬᠠᠷᠠᠭᠳᠠᠵᠤ ᠪᠤᠢ᠃ | ᠴᠠᠭᠠᠨ ᠰᠠᠷ᠎ᠠ ᠭᠡᠬᠦᠯᠡᠷ ᠬᠥᠮᠥᠰ ᠲᠤ ᠨᠢᠭᠡ ᠵᠦᠢᠯ ᠤᠨ ᠮᠥᠷᠥᠭᠡᠳᠦᠯᠲᠦ ᠬᠦᠰᠡᠯ ᠠᠮᠢᠯᠠᠭᠤᠯᠳᠠᠭ ᠨᠢ ᠦᠨᠡᠨ᠃ | ᠴᠠᠭᠠᠨ ᠰᠠᠷ᠎ᠠ ᠬᠦᠷᠴᠦ ᠢᠷᠡᠬᠦᠯᠡᠷ ᠬᠥᠮᠥᠨ ᠪᠦᠭᠦᠨ ᠤ ᠴᠢᠷᠠᠢ ᠳᠤ ᠪᠠᠶᠠᠷ ᠤᠨ ᠮᠦᠰᠢᠶᠡᠳᠦ ᠪᠢᠯᠬᠠᠵᠤ᠂ ᠬᠤᠷᠸ᠎ᠠ | ᠶᠢᠷᠲᠢᠨᠴᠦ ᠶᠢᠨ ᠬᠤᠭ ᠲᠣᠭᠤᠰᠣ ᠨᠢ ᠴᠥᠮ ᠠᠷᠢᠯᠵᠤ᠂ ᠨᠢᠭᠡ ᠵᠦᠢᠯ ᠤᠨ ᠵᠢᠷᠭᠠᠯᠲᠤ ᠠᠭᠤᠷ ᠠᠮᠢᠰᠬᠤᠯ ᠤᠨ | ᠳᠤᠮᠳᠠ ᠱᠤᠩᠪᠠᠵᠦ ᠪᠠᠶᠢᠳᠠᠭ᠃ ᠥᠲᠡᠭᠦᠰ ᠪᠤᠭᠤᠷᠤᠯ ᠠᠴᠠ ᠥᠰᠪᠦᠷᠢ ᠪᠠᠭᠠᠴᠤᠤᠯ ᠭᠦᠷᠳᠡᠯ᠎ᠠ ᠴᠠᠭᠠᠨ ᠰᠠᠷ᠎ᠠ ᠶᠢ | ᠰᠠᠶᠢᠨ ᠰᠠᠶᠢᠬᠠᠨ ᠪᠦᠭᠦᠨ ᠤ ᠡᠬᠢᠯᠡᠯ᠂ ᠮᠠᠭᠤ ᠮᠠᠭᠤᠬᠠᠢ ᠶᠢᠨ ᠲᠠᠶᠠᠭᠳᠠᠯ ᠢᠶᠠᠷ ᠦᠵᠡᠨ᠂ ᠴᠠᠭᠠᠨ ᠰᠠᠷ᠎ᠠ ᠶᠢᠨ | ᠮᠡᠨᠳᠦᠴᠢᠯᠡᠭᠡ ᠳᠡᠭᠡᠨ ᠰᠠᠶᠢᠨ ᠤ ᠢᠷᠦᠭᠡᠯ ᠢᠶᠠᠨ ᠳᠡᠪᠰᠢᠭᠦᠯᠵᠦ᠂ ᠰᠠᠨᠠᠭᠠᠨ ᠤ ᠠᠷᠢᠭᠤᠨ ᠢ ᠡᠷᠬᠢᠮᠯᠡᠨ᠂ ᠬᠤᠷᠸ᠎ᠠ | ᠨᠡᠶᠢᠭᠡᠮ᠂ ᠬᠥᠮᠥᠨ ᠪᠠᠶᠢᠭᠠᠯᠢ ᠶᠢᠨ ᠡᠩᠬᠡ ᠲᠠᠶᠢᠪᠤᠩ᠂ ᠵᠣᠯ ᠵᠢᠷᠭᠠᠯ ᠢ ᠵᠥᠩᠨᠡᠨ᠂ ᠬᠠᠳᠠᠬᠯᠠᠬᠰᠠᠠ ᠬᠠᠳᠠᠭ᠂ | ᠭᠦᠭᠦᠷᠯᠡᠭᠰᠡᠡ ᠬᠦᠬᠦᠷ ᠢᠷᠠᠭᠤ ᠡᠭᠡᠰᠢᠭ ᠬᠠᠩᠭᠢᠨᠠᠬᠤ ᠮᠡᠲᠦ ᠶᠢᠰᠦᠨ ᠴᠠᠭᠠᠨ ᠬᠦᠰᠡᠯ ᠤᠨ ᠢᠷᠦᠭᠡᠯ ᠢᠶᠠᠨ ᠳᠡᠯᠭᠡᠨᠡᠮ᠃ | | ᠬᠥᠬᠡᠭᠴᠢᠨ ᠮᠣᠭᠠᠢ ᠵᠢᠯ ᠥᠯᠵᠡᠢ ᠬᠡᠶᠢᠮᠣᠷᠢ ᠲᠠᠢ ᠪᠣᠯᠲᠤᠭᠠᠢ︕ | | |