ᠨᠠᠷᠠᠨ ᠰᠠᠷᠠᠨ ᠤ ᠣᠷᠴᠢᠬᠤ ᠣᠰᠣᠨ ᠤ ᠤᠷᠤᠰᠬᠠᠯ ᠮᠡᠲᠦ᠂ ᠨᠠᠮᠤᠷ ᠬᠠᠪᠤᠷ ᠡᠭᠡᠯᠵᠢᠯᠡᠨ ᠴᠠᠭ ᠤᠯᠠᠷᠢᠯ | ᠰᠣᠯᠢᠭᠳᠠᠵᠤ ᠨᠢᠭᠡ ᠮᠡᠳᠡᠬᠦ ᠳᠤ ᠬᠥᠬᠡ ᠯᠣᠣ ᠵᠢᠯ ᠭᠦᠷᠪᠡᠯᠵᠡᠨ ᠣᠳᠴᠤ᠂ ᠬᠥᠬᠡᠭᠴᠢᠨ ᠮᠣᠭᠠᠢ ᠵᠢᠯ ᠤᠨ ᠰᠢᠵᠢᠷ | ᠲᠤᠶᠠᠭ᠎ᠠ ᠰᠢᠯ ᠭᠡᠭᠡᠪᠴᠢ ᠪᠠᠷ ᠲᠣᠰᠣᠨ᠎ᠠ᠃ ᠡᠬᠡ ᠤᠯᠤᠰ ᠤᠨ ᠤᠮᠠᠷᠠᠲᠤ ᠣᠷᠣᠨ ᠤ ᠴᠠᠰᠤᠲᠤ ᠥᠨᠳᠦᠷᠯᠢᠭ ᠠᠴᠠ | ᠡᠮᠦᠨᠡᠲᠦ ᠣᠷᠣᠨ ᠤ ᠬᠠᠯᠠᠭᠤᠨ ᠪᠦᠰᠡᠨ ᠤ ᠪᠣᠷᠣᠭᠠᠨᠲᠤ ᠣᠶ ᠭᠦᠷᠲᠡᠯ᠎ᠡ᠂ ᠨᠡᠯᠦᠭᠡᠷ ᠶᠡᠭᠡ ᠲᠡᠯᠡᠶ ᠠᠴᠠ ᠠᠯᠲᠠᠢ | ᠠᠭᠤᠯᠠ ᠨᠢᠷᠤᠭᠤᠳ ᠭᠦᠷᠲᠡᠯ᠎ᠡ᠂ ᠰᠢᠨ᠎ᠡ ᠵᠢᠯ ᠤᠨ ᠠᠯᠬᠤᠭ᠎ᠠ︽ᠬᠠᠳᠤᠷᠴᠤ ᠥᠩᠭᠡᠷᠡᠬᠦ ᠰᠠᠯᠬᠢᠨ ᠳᠤ ᠮᠥᠩᠭᠦᠨ ᠴᠠᠰᠤ | ᠪᠤᠲᠠᠷᠠᠭᠤᠯᠤᠭᠰᠠᠭᠠᠷ᠂ ᠬᠠᠷᠠᠬᠤ ᠬᠤᠶᠠᠷ ᠨᠢᠳᠦᠨ ᠳᠤ ᠡᠪᠦᠯ ᠤᠨ ᠳᠡᠯᠡᠬᠡᠢ ᠭᠢᠯᠠᠯᠵᠠᠭᠤᠯᠤᠭᠰᠠᠭᠠᠷ︾᠂ ᠬᠤᠪᠢᠯᠭᠠᠨ | ᠣᠷᠣᠨ ᠤ ᠭᠠᠵᠠᠷ ᠪᠦᠭᠦᠨᠡ ᠥᠭᠡᠷᠡᠴᠢᠯᠡᠯᠲᠡ ᠶᠢᠨ ᠪᠦᠷᠢᠶ᠎ᠡ ᠬᠠᠩᠭᠢᠨᠠᠭᠤᠯᠵᠤ᠂ ᠰᠠᠪᠠ ᠶᠢᠷᠲᠢᠨᠴᠦ ᠳᠤ ᠠᠮᠢᠯᠠᠯ | ᠰᠡᠷᠭᠦᠭᠡᠨ ᠮᠦᠰᠢᠶᠡᠵᠦ᠂ ᠲᠠᠷᠭᠤ ᠰᠠᠶᠢᠲᠠᠢ ᠲᠠᠷᠭᠤᠨ ᠰᠥᠷᠦᠭ ᠤᠨ ᠮᠥᠭᠡᠷᠡᠯ ᠮᠠᠶᠢᠯᠠᠭᠠᠨ ᠲᠠᠢ᠂ ᠬᠥᠨᠥᠭ ᠳᠦᠭᠦᠷᠡᠩ | ᠲᠠᠷᠠᠭ ᠠᠶᠢᠷᠠᠭ ᠤᠨ ᠰᠡᠩᠭᠢᠨᠡᠯ ᠪᠢᠯᠬᠠᠭᠠᠨ ᠲᠠᠢ᠂ ᠡᠯᠪᠡᠭ ᠬᠤᠷᠢᠶᠠᠭᠰᠠᠨ ᠲᠠᠪᠤᠨ ᠲᠠᠷᠢᠶᠠᠨ ᠤ ᠥᠩᠭᠡ | ᠪᠣᠯᠪᠠᠰᠤᠷᠠᠯ ᠲᠠᠢ᠂ ᠥᠷᠨᠢᠨ ᠬᠥᠭᠵᠢᠭᠰᠡᠨ ᠬᠤᠲᠠ ᠬᠥᠳᠡᠭᠡ ᠶᠢᠨ ᠰᠢᠨ᠎ᠡ ᠬᠤᠪᠢᠷᠠᠯᠲᠠ ᠶᠢᠨ ᠬᠠᠮᠲᠤ᠂ ᠭᠦᠯᠥᠭ ᠤᠨ | ᠲᠤᠭᠤᠷᠠᠢ ᠳᠤ ᠵᠢᠭᠦᠷ ᠤᠷᠭᠤᠭᠤᠯᠤᠨ᠂ ᠬᠦᠰᠡᠯ ᠤᠨ ᠦᠵᠦᠭᠦᠷ ᠰᠣᠯᠣᠩᠭ᠎ᠠ ᠲᠠᠲᠠᠭᠤᠯᠤᠭᠰᠠᠭᠠᠷ᠂ ᠬᠠᠯᠠᠭᠤᠨ | ᠳᠤᠯᠠᠭᠠᠨ ᠥᠯᠥᠭᠡᠢ ᠨᠤᠲᠤᠭ ᠤᠨ ᠮᠢᠨᠢ ᠠᠭᠤᠳᠠᠮ ᠥᠷᠥᠴᠡᠨ ᠳᠤ ᠪᠣᠯᠵᠤᠭ᠎ᠠ ᠶᠣᠰᠣᠭᠠᠷ ᠭᠦᠷᠥᠭᠡᠳ ᠢᠷᠡᠯ᠎ᠡ᠂ | ᠪᠠᠭ᠋ᠠᠳᠤᠯᠲᠤ ᠰᠡᠳᠬᠢᠯᠭᠡ ᠶᠢ ᠡᠪᠦᠷᠯᠡᠭᠡᠳ ᠢᠷᠡᠯ᠎ᠡ᠂ ᠪᠠᠶᠠᠷ ᠵᠢᠷᠭᠠᠯ ᠢ ᠬᠦᠷᠭᠡᠭᠡᠳ ᠢᠷᠡᠯ᠎ᠡ᠃ ᠡᠨᠡ ᠦᠨᠡᠬᠡᠷ | ︽ᠭᠡᠭᠡᠪᠴᠢ ᠶᠢᠨ ᠭᠠᠳᠠᠨᠠᠬᠢ ᠨᠠᠷᠠᠨ ᠤ ᠲᠤᠶᠠᠭ᠎ᠠ ᠬᠤᠷᠤᠭᠤ ᠳᠠᠷᠤᠬᠤᠶᠠ ᠰᠢᠨᠡᠲᠦᠭᠡᠳ᠂ ᠭᠡᠷ ᠤᠨ ᠳᠣᠲᠣᠷᠠᠬᠢ | ᠴᠡᠴᠡᠭ ᠤᠨ ᠰᠡᠭᠦᠳᠡᠷ ᠨᠢᠳᠦ ᠢᠷᠮᠡᠬᠦᠶᠡ ᠰᠣᠯᠢᠭᠳᠠᠪᠠᠢ︾᠃ | ᠥᠩᠭᠡᠷᠡᠨ ᠣᠲᠣᠭᠰᠠᠨ ᠨᠢᠭᠡ ᠵᠢᠯ ᠳᠤ ᠠᠭᠤᠤ ᠶᠡᠭᠡ ᠡᠬᠡ ᠤᠯᠤᠰ ᠤᠨ ᠮᠢᠨᠢ ᠭᠠᠵᠠᠷ ᠪᠦᠭᠦᠨᠡ᠂ | ᠦᠨᠳᠦᠰᠦᠲᠡᠨ ᠨᠦᠭᠦᠳ ᠤᠨ ᠠᠷᠠᠳ ᠲᠦᠮᠡᠨ︽ᠳᠤᠤᠭᠠᠷᠪᠠᠯ ᠳᠠᠭᠤᠨ ᠨᠢᠭᠡᠲᠡᠢ ᠳᠤᠭᠲᠤᠷᠪᠠᠯ ᠬᠦᠴᠦᠨ ᠨᠢᠭᠡᠲᠡᠢ︾ | ᠪᠦᠯᠬᠦᠮᠳᠡᠯ ᠤᠨ ᠬᠦᠴᠦᠨ ᠢ ᠪᠠᠳᠠᠷᠠᠭᠤᠯᠤᠨ᠂︽ᠵᠣᠷᠢᠪᠠᠰᠤ ᠦᠯᠦ ᠬᠦᠷᠬᠦ ᠭᠠᠵᠠᠷ ᠠᠯᠠᠭ᠎ᠠ᠂ ᠵᠣᠷᠢᠭᠯᠠᠪᠠᠰᠤ ᠦᠯᠦ | ᠪᠦᠲᠦᠬᠦ ᠬᠡᠷᠡᠭ ᠠᠯᠠᠭ᠎ᠠ︾ ᠭᠡᠬᠦ ᠭᠠᠩ ᠬᠠᠲᠠᠭᠤ ᠵᠣᠷᠢᠭ ᠢᠶᠠᠨ ᠬᠥᠪᠴᠢᠯᠡᠨ᠂ ᠰᠢᠨ᠎ᠡ ᠶᠢ ᠡᠭᠦᠳᠬᠦ ᠶᠢ ᠪᠠᠷᠢᠮᠲᠠᠯᠠᠨ᠂ | ᠬᠦᠴᠢᠷ ᠪᠡᠷᠬᠡᠰᠢᠶᠡᠯ ᠪᠠ ᠥᠷᠢᠰᠦᠯᠳᠦᠭᠡᠨ ᠢ ᠠᠷᠭᠠᠴᠠᠬᠤ ᠳᠤᠮᠳᠠ ᠡᠷᠡᠮᠡᠬᠡᠶᠢᠯᠡᠨ ᠤᠷᠤᠭᠰᠢᠯᠠᠭᠰᠠᠨ ᠠᠴᠠ ᠲᠠᠪᠤᠨ | ᠲᠢᠪ ᠳᠥᠷᠪᠡᠨ ᠳᠠᠯᠠᠢ ᠶᠢ ᠳᠣᠩᠰᠣᠯᠭᠠᠭᠰᠠᠨ ᠰᠢᠨ᠎ᠡ ᠬᠤᠪᠢᠷᠠᠯᠲᠠ ᠭᠠᠷᠴᠤ᠂ ᠡᠩ ᠶᠢᠷᠲᠢᠨᠴᠦ ᠶᠢᠨ ᠬᠠᠷᠠᠭᠠᠨ ᠳᠤ | ︽ᠳᠤᠮᠳᠠᠳᠤ ᠤᠯᠤᠰ︾ ᠤᠨ ᠠᠭᠤᠤ ᠠᠯᠳᠠᠷ ᠢ ᠮᠠᠨᠳᠤᠭᠤᠯᠤᠭᠰᠠᠨ ᠪᠠᠶᠢᠨ᠎ᠠ᠃ ᠴᠠᠩ ᠧ ᠵᠢᠷᠭᠤᠳᠤᠭᠠᠷ ᠠᠩᠬ᠎ᠠ | ᠤᠳᠠᠭ᠎ᠠ ᠰᠠᠷᠠᠨ ᠪᠥᠮᠪᠥᠷᠴᠡᠭ ᠤᠨ ᠠᠷᠤ ᠲᠠᠯ᠎ᠠ ᠠᠴᠠ ᠦᠯᠢᠭᠡᠷ ᠠᠪᠴᠤ᠂ ᠬᠦᠰᠡᠯ ᠨᠡᠷᠡᠮᠵᠢᠲᠦ ᠶᠡᠭᠡ ᠳᠠᠯᠠᠢ ᠪᠠᠷ | ᠬᠠᠶᠢᠨ ᠰᠢᠨᠵᠢᠯᠡᠵᠦ᠂ ᠱᠧᠨᠵᠧᠨ ᠠᠴᠠ ᠵᠦᠩᠱᠠᠨ ᠬᠦᠷᠬᠦ ᠨᠡᠪᠲᠡᠷᠡᠬᠦ ᠵᠠᠮ ᠳᠠᠯᠠᠢ ᠲᠠᠩᠭᠢᠰ ᠢ ᠰᠤᠨᠳᠠᠯᠠᠨ ᠮᠤᠷᠤᠯᠵᠠᠵᠤ᠂ | ᠡᠮᠦᠨᠡᠲᠦ ᠲᠤᠶᠢᠯ ᠤᠨ ᠴᠢᠨ ᠯᠢᠩ ᠥᠷᠲᠡᠭᠡ ᠮᠥᠰᠥᠲᠦ ᠲᠠᠯ᠎ᠠ ᠳᠤ ᠰᠡᠬᠦᠶᠢᠨ ᠪᠣᠰᠴᠤ᠂ ᠳᠤᠮᠳᠠᠳᠤᠴᠤᠳ ᠤᠨ | ᠣᠳᠣᠲᠤ ᠣᠭᠲᠠᠷᠭᠤᠢ ᠠᠨᠠᠪᠠᠳ ᠳᠠᠯᠠᠢ ᠠᠴᠠ ᠬᠦᠰᠡᠯ ᠵᠡᠭᠦᠳᠦ ᠪᠠᠨ ᠡᠷᠢᠯᠬᠢᠯᠡᠬᠦ ᠶᠡᠭᠡ ᠣᠮᠤᠭ ᠵᠣᠷᠢᠭ ᠢ | ᠢᠯᠡᠷᠡᠭᠦᠯᠪᠡ ᠁ ᠶᠠᠭᠤᠲᠠᠢ ᠪᠠᠶᠠᠷ᠂ ᠶᠠᠭᠤᠲᠠᠢ ᠭᠠᠶᠢᠬᠠᠮᠰᠢᠭ︕ | ᠠᠮᠵᠢᠯᠲᠠ ᠪᠦᠲᠦᠭᠡᠯ ᠥᠩᠭᠡᠷᠡᠭᠰᠡᠨ ᠢ ᠲᠡᠮᠳᠡᠭᠯᠡᠳᠡᠭ ᠴᠦ ᠠᠬᠢᠨ ᠲᠠᠪᠰᠢᠬᠤ ᠡᠷᠴᠢ ᠵᠣᠷᠢᠭ ᠨᠡᠩ | ᠣᠷᠭᠢᠯᠣᠭᠤᠨ᠃ ︽ᠬᠠᠶᠢᠷᠰᠤ ᠬᠤᠶᠠᠭ ᠴᠠᠶᠢᠷᠠᠰ ᠴᠠᠶᠢᠷᠠᠰ ᠦᠷᠦᠭᠰᠡᠨ ᠬᠠᠰ ᠰᠢᠭ᠋᠂ ᠬᠠᠮᠤᠭ ᠪᠡᠶ᠎ᠡ ᠭᠢᠯᠪᠠᠰ ᠭᠢᠯᠪᠠᠰ | ᠳᠤᠭᠤᠶᠢᠯᠠᠭᠰᠠᠨ ᠮᠥᠩᠭᠦ ᠮᠡᠲᠦ︾ ᠠᠯᠲᠠᠨ ᠮᠣᠭᠠᠢ ᠤᠷᠢᠬᠠᠨ ᠬᠠᠪᠤᠷ ᠢ ᠠᠴᠢᠭᠠᠳ ᠡᠬᠡ ᠭᠠᠵᠠᠷ ᠲᠤ ᠰᠠᠭᠠᠲᠠᠬᠤᠶᠠ᠂ | ᠠᠭᠤᠯᠠ ᠤᠰᠤᠨ ᠰᠢᠨ᠎ᠡ ᠳᠦᠷᠰᠦ ᠪᠠᠷ ᠰᠣᠯᠢᠭᠳᠠᠵᠤ᠂ ᠰᠢᠨ᠎ᠡ ᠠᠭᠤᠷ ᠠᠮᠢᠰᠬᠤᠯ ᠪᠢᠯᠬᠠᠭᠠᠳ᠂ ᠬᠥᠮᠥᠨ ᠠᠷᠠᠳ | ᠬᠦᠰᠡᠯᠡᠩ ᠤᠨ ᠳᠥᠷᠥᠭᠡ ᠢᠰᠬᠦᠯᠵᠦ᠂ ᠬᠤᠲᠠ ᠬᠥᠳᠡᠭᠡ ᠬᠥᠭᠵᠢᠯ ᠤᠨ ᠰᠣᠯᠣᠩᠭ᠎ᠠ ᠮᠢᠷᠠᠯᠵᠠᠭᠤᠯᠤᠨᠠᠮ᠃ ᠡᠰᠢ | ᠡᠷᠬᠡᠲᠡᠨ ᠢ ᠲᠡᠮᠳᠡᠭᠯᠡᠬᠦ ᠠᠷᠭ᠎ᠠ ᠵᠢᠴᠢ ᠲᠠᠪᠤᠨ ᠮᠠᠬᠠᠪᠤᠳ ᠤᠨ ᠲᠤᠬᠠᠢ ᠬᠡᠯᠡᠯᠭᠡ ᠠᠴᠠ ᠦᠨᠳᠦᠰᠦᠯᠡᠪᠡᠯ᠂ ᠡᠨᠡ ᠵᠢᠯ | ᠪᠣᠯ ᠬᠥᠬᠡᠭᠴᠢᠨ ᠮᠣᠭᠠᠢ ᠵᠢᠯ ᠪᠤᠯᠬᠤ ᠮᠥᠷᠲᠡᠭᠡᠨ ᠪᠠᠰᠠ ᠠᠯᠲᠠᠨ ᠮᠣᠭᠠᠢ ᠵᠢᠯ ᠭᠡᠳᠡᠭ᠃ ︽ᠠᠯᠲᠠ︾ ᠨᠢ ᠡᠳ᠋ | ᠪᠠᠶᠠᠯᠢᠭ᠂ ᠪᠠᠶᠢᠷᠢ ᠰᠠᠭᠤᠷᠢ ᠪᠠ ᠲᠣᠭᠲᠠᠭᠤᠨ ᠪᠠᠶᠢᠳᠠᠯ ᠢ ᠪᠡᠯᠭᠡᠳᠡᠳᠡᠭ ᠤᠨ ᠤᠴᠢᠷ ᠠᠴᠠ ᠠᠯᠲᠠᠨ ᠮᠣᠭᠠᠢ ᠵᠢᠯ ᠢ | ᠲᠤᠶᠢᠯ ᠤᠨ ᠥᠭᠡᠳᠡ ᠡᠰᠡᠷᠡᠭ᠂ ᠲᠦᠮᠡᠨ ᠢᠶᠠᠷ ᠢᠶᠠᠨ ᠪᠠᠶᠠᠵᠢᠨ ᠬᠥᠷᠥᠩᠭᠡᠵᠢᠬᠦ ᠣᠨ ᠵᠢᠯ ᠭᠡᠳᠡᠭ᠃ ︽ᠠᠮᠠᠨ ᠤ ᠪᠡᠯᠭᠡ | ᠠᠴᠠ ᠠᠰᠢᠳᠠ ᠶᠢᠨ ᠪᠡᠯᠭᠡ︾ ᠭᠡᠲᠡᠭ ᠢᠶᠠᠷ᠂ ᠰᠠᠶᠢᠨ ᠢ ᠰᠠᠨᠠᠵᠤ ᠰᠠᠷᠠᠭᠤᠯ ᠭᠡᠭᠡᠨ ᠢ ᠵᠣᠷᠢᠵᠤ ᠶᠠᠪᠤᠪᠠᠯ ᠠᠮᠵᠢᠯᠲᠠ | ᠠᠴᠠ ᠠᠮᠵᠢᠯᠲᠠ ᠳᠤ ᠬᠦᠷᠬᠦ ᠭᠡᠲᠡᠭ ᠨᠢ ᠯᠠᠪᠲᠠᠢ᠃ | ᠠᠶᠠᠷᠯᠠᠨ ᠣᠲᠣᠭᠰᠠᠨ ᠬᠥᠬᠡ ᠯᠤᠤ ᠵᠢᠯ ᠣᠮᠤᠭ ᠪᠠᠭ᠋ᠠᠳᠤᠯ ᠪᠢᠯᠬᠠᠭᠠᠳ᠂ ᠠᠯᠳᠠᠷ ᠭᠠᠪᠢᠶ᠎ᠠ ᠪᠠᠨ ᠲᠡᠦᠬᠡᠨ ᠳᠤ | ᠳᠠᠩᠰᠠᠯᠠᠭᠤᠯᠵᠤ ᠠᠮᠵᠢᠯᠲᠠ ᠶᠢᠨ ᠮᠥᠷ ᠢᠶᠠᠨ ᠲᠠᠮᠠᠭᠠᠯᠠᠯᠠ᠃ ᠠᠯᠲᠠᠨ ᠮᠣᠭᠠᠢ ᠵᠢᠯ ᠭᠢᠯᠪᠠᠭ᠎ᠠ ᠰᠠᠴᠤᠷᠠᠭᠤᠯᠤᠨ ᠡᠬᠡ | ᠣᠷᠣᠨ ᠳᠤ ᠮᠢᠨᠢ ᠰᠠᠭᠠᠲᠠᠵᠤ᠂ ᠠᠬᠢᠨ ᠳᠠᠪᠰᠢᠬᠤ ᠡᠷᠴᠢ ᠵᠣᠷᠢᠭ ᠢ ᠦᠨᠳᠦᠰᠦᠲᠡᠨ ᠲᠦᠮᠡᠨ ᠳᠡᠭᠡᠨ ᠬᠥᠪᠴᠢᠯᠡᠨᠡᠮ᠂ | ᠰᠢᠨ᠎ᠡ ᠵᠢᠯ ᠳᠤ ᠡᠬᠡ ᠤᠯᠤᠰ ᠮᠢᠨᠢ ᠥᠷᠨᠢᠭᠦᠨ ᠬᠥᠭᠵᠢᠯᠲᠡ ᠲᠠᠢ᠂ ᠡᠯᠢᠭᠡᠨ ᠲᠦᠮᠡᠨ ᠮᠢᠨᠢ ᠢᠳᠡᠷᠡᠭᠦᠨ ᠠᠮᠤᠭᠤᠯᠠᠩ | ᠪᠠᠶᠢᠭᠠᠰᠠᠢ︕ | | |