ᠭᠡᠭᠡᠨ ᠬᠠᠷᠠᠩᠭᠤᠢ ᠶᠢᠨ ᠵᠠᠶᠢᠴᠢᠨ ᠳᠤ
ᠨᠡᠶᠢᠲᠡᠯᠡᠭᠰᠡᠨ ᠴᠠᠭ᠄
2023/10/10
     ᠣᠯᠣᠰᠤᠨ ᠤᠲᠠᠰᠤ ᠰᠢᠭ᠋ ᠡᠬᠢ ᠠᠳᠠᠭ ᠨᠢ ᠣᠯᠳᠠᠬᠤ ᠦᠭᠡᠢ᠂ ᠡᠮᠬᠢ ᠵᠠᠮᠪᠠᠷᠠᠭ᠎ᠠ ᠨᠢ ᠬᠠᠷᠠᠭᠳᠠᠬᠤ ᠦᠭᠡᠢ ᠣᠯᠠᠨ ᠪᠤᠲᠣᠯ ᠰᠠᠩᠵᠠᠢ ᠭᠤᠸᠠᠢ ᠶᠢᠨ ᠰᠡᠳᠬᠢᠯ ᠢ ᠰᠢᠨᠠᠯᠭᠠᠨ᠎ᠠ᠃ ᠨᠠᠰᠤ ᠶᠠᠰᠤ ᠬᠤᠶᠠᠷ ᠢᠶᠠᠨ ᠳᠠᠭᠠᠭᠠᠵᠤ ᠶᠠᠳᠠᠭᠰᠠᠨ ᠡᠨᠡ ᠡᠷᠢᠨ ᠳᠤ ᠭᠡᠮ ᠠᠷᠬᠠᠭ ᠳᠠᠪᠬᠤᠴᠠᠭᠠᠳ ᠴᠣᠬᠤᠮ︽ᠬᠠᠨᠠᠲᠤ ᠭᠡᠷ ᠠᠴᠠ ᠪᠠᠨ ᠰᠠᠯᠵᠤ ᠬᠠᠳᠠᠨ ᠭᠡᠷ ᠲᠤ ᠣᠶᠢᠷᠠᠲᠤᠭᠰᠠᠨ︾ ᠪᠤᠯᠤᠯᠳᠠᠢ᠃ ᠶᠠᠭ ᠶᠠᠪᠤᠬᠤ ᠶᠢᠨ ᠡᠨᠡ ᠤᠨᠢᠨ ᠳᠡᠭᠡᠷ᠎ᠡ ᠤᠨᠠᠭᠰᠠᠨ ᠨᠤᠲᠤᠭ ᠤᠤᠭᠤᠭᠰᠠᠨ ᠤᠰᠤ  ᠠᠴᠠ ᠪᠠᠨ ᠰᠠᠯᠵᠤ ᠲᠦᠪᠳᠡᠬᠦ ᠪᠠᠨ ᠪᠣᠯᠢᠵᠤ᠂ ᠡᠯᠢᠭᠡᠨ ᠰᠠᠳᠤᠨ᠂ ᠡᠬᠡᠨᠡᠷ ᠬᠡᠦᠬᠡᠳ᠂ ᠪᠠᠭ᠎ᠠ ᠶᠢᠨ ᠦᠶ᠎ᠡ ᠶᠢᠨ ᠪᠠᠶᠠᠷ ᠵᠢᠷᠭᠠᠯᠲᠤ ᠤᠴᠢᠷ ᠤᠳ᠂ ᠠᠩᠬᠠᠨ ᠤ ᠳᠤᠷᠠᠯᠠᠯ ᠁ ᠵᠡᠷᠭᠡ ᠥᠩᠭᠡᠷᠡᠭᠰᠡᠨ ᠤᠴᠢᠷ ᠪᠣᠯᠭᠠᠨ ᠪᠤᠳᠤᠯ ᠰᠡᠳᠬᠢᠯ  ᠳᠤᠨᠢ ᠨᠡᠪᠴᠢᠭᠡᠳ ᠣᠷᠣᠨ ᠭᠠᠷᠤᠨ ᠡᠷᠭᠢᠯᠳᠦᠵᠦ᠂ ᠰᠡᠳᠬᠢᠯ ᠵᠢᠷᠦᠬᠡ ᠶᠢ ᠨᠢ ᠡᠮᠵᠡᠭᠯᠡᠭᠦᠯᠦᠨ ᠡᠭᠡᠵᠡᠭ ᠲᠠᠢ ᠰᠠᠨᠠᠭᠳᠠᠵᠤ᠂ ᠡᠩᠰᠡᠷᠡᠲᠡᠯ᠎ᠡ ᠪᠤᠳᠤᠡᠠᠳᠠᠬᠤ ᠶᠢᠨ ᠬᠠᠯᠠ ᠲᠠᠢ ᠭᠡᠵᠡᠢ ᠠ᠋︕      ᠰᠠᠩᠵᠠᠢ ᠭᠤᠸᠠᠢ ᠲᠦᠷ ᠴᠠᠭ ᠴᠦ ᠭᠡᠰᠡᠨ ᠡᠨᠡ ᠬᠦ ᠰᠡᠳᠬᠢᠯ ᠤᠨ ᠲᠡᠮᠡᠦᠯᠦᠯ ᠠᠴᠠ ᠮᠤᠯᠲᠤᠷᠠᠬᠤ ᠶᠢᠨ ᠲᠥᠯᠥᠭᠡ ᠭᠠᠷ ᠤᠨ ᠠᠶᠠᠷ ᠨᠣᠮ ᠤᠨ ᠲᠠᠯᠪᠢᠭᠤᠷ ᠠᠴᠠ ᠨᠢᠭᠡ ᠳᠡᠪᠲᠡᠷ ᠰᠢᠭᠦᠷᠡᠨ ᠠᠪᠤᠪᠠᠯ ︽ᠰᠢᠵᠢᠮ ᠨᠢ ᠲᠠᠰᠤᠷᠬᠠᠰᠡᠨ ᠴᠠᠭᠠᠰᠤᠨ ᠰᠢᠪᠠᠭᠤ︾ ᠭᠡᠰᠡᠨ ᠨᠣᠮ ᠪᠠᠶᠢᠯ᠎ᠠ᠃ ᠨᠣᠮ ᠢ ᠦᠵᠡᠮᠡᠭᠴᠡ᠂ ︽ᠰᠢᠵᠢᠮ ᠨᠢ ᠲᠠᠰᠤᠷᠬᠠᠰᠡᠨ ᠡᠨᠡ ᠬᠦ ᠴᠠᠭᠠᠰᠤᠨ ᠰᠢᠪᠠᠭᠤ ᠰᠢᠭ᠋ ᠠᠮᠢ ᠭᠤᠣᠯ ᠲᠠᠰᠤᠷᠠᠬᠤ ᠪᠠᠷ ᠰᠦᠭ ᠰᠦᠨᠡᠰᠦ ᠴᠦ ᠰᠢᠵᠢᠮ ᠠᠴᠠ ᠪᠠᠨ ᠲᠠᠰᠤᠷᠠᠭᠠᠳ ᠶᠢᠰᠦᠨ ᠲᠡᠭᠷᠢ ᠶᠢᠨ ᠴᠠᠭᠠᠨ᠎ᠠ ᠵᠢᠪᠠᠷ ᠤᠨ ᠠᠶᠠᠷ ᠡᠷᠬᠡ ᠳᠤᠷ᠎ᠠ ᠪᠠᠷ ᠢᠶᠠᠨ ᠬᠠᠯᠢᠨ ᠨᠢᠰᠴᠦ᠂ ᠶᠢᠷᠲᠢᠨᠴᠦ ᠶᠢᠨ ᠤᠯᠠᠭᠠᠨ ᠲᠣᠭᠤᠰᠣᠨ ᠳᠠᠬᠢ ᠠᠨᠳᠠ ᠨᠠᠶᠢᠵᠠ᠂ ᠠᠮᠠᠷᠠᠭ ᠰᠠᠳᠤᠨ ᠢᠶᠠᠨ ᠲᠠᠭᠢᠨ ᠣᠯᠵᠤ ᠦᠵᠡᠳᠡᠭ ᠴᠦ ᠪᠣᠯᠪᠠᠤ ᠳ᠋ᠠ︖︾ ᠭᠡᠵᠦ ᠥᠪᠡᠷ ᠠᠴᠠ ᠪᠠᠨ ᠠᠰᠠᠭᠤᠭᠰᠠᠨ ᠪᠤᠯᠪᠠᠴᠣ ︽ᠲᠡᠶᠢᠮᠤ ᠰᠢᠤ︾ ᠭᠡᠵᠦ ᠬᠡᠯᠡᠴᠢᠬᠡᠮᠡᠷ ᠵᠥᠪ ᠬᠠᠷᠢᠭᠤᠯᠲᠠ ᠠᠯᠠᠭ᠎ᠠ ᠪᠠᠶᠢᠯ᠎ᠠ᠃      ᠣᠷᠢᠶᠠᠯᠳᠤᠵᠤ ᠵᠠᠩᠭᠢᠷᠠᠭᠰᠠᠨ ᠤᠯᠠᠨ ᠪᠤᠳᠣᠯ ᠢᠶᠠᠨ ᠲᠠᠶᠠᠭᠳᠠᠵᠤ᠂ ᠪᠦᠭᠦ ᠠᠩᠬᠠᠷᠤᠯ ᠢᠶᠠᠨ ᠲᠥᠪᠯᠡᠷᠡᠭᠦᠯᠦᠨ ᠨᠣᠮ ᠢᠶᠠᠨ ᠤᠷᠪᠠᠭᠤᠯᠵᠤ᠂ ᠦᠰᠦᠭ ᠳᠠᠷᠠᠭᠠᠯᠠᠨ ᠤᠩᠰᠢᠭᠰᠠᠨ ᠪᠤᠯᠪᠠᠴᠤ ᠶᠠᠭᠤ ᠴᠦ ᠴᠡᠭᠡᠵᠢᠯᠡᠭᠳᠡᠬᠦ ᠦᠭᠡᠢ ᠪᠦᠦᠷ ᠲᠦᠦᠷ ᠰᠠᠨᠠᠭᠳᠠᠬᠤ ᠮᠥᠷᠲᠡᠭᠡᠨ ᠨᠢᠳᠦᠨ ᠬᠠᠷᠠᠭ᠎ᠠ ᠴᠦ ᠪᠦᠷᠦᠯᠵᠡᠭᠡᠳ ᠮᠥᠷ ᠦᠰᠦᠭ ᠢᠶᠠᠨ ᠠᠯᠳᠠᠵᠤ᠂ ᠵᠡᠭᠦᠳᠦ ᠵᠡᠷᠭᠡᠯᠭᠡᠨ ᠠᠴᠠ ᠪᠠᠨ ᠰᠡᠷᠡᠭᠰᠡᠨ ᠰᠢᠭ ᠡᠯᠡᠷ ᠪᠠᠯᠠᠷ ᠪᠣᠯᠵᠤ᠂ ᠤᠩᠰᠢᠭᠰᠠᠨ ᠵᠦᠢᠯ ᠢᠶᠠᠨ ᠭᠱᠠᠨ ᠵᠠᠭᠤᠷ᠎ᠠ ᠮᠠᠷᠲᠠᠬᠤ ᠶᠤᠮ᠃      ︽ᠬᠥᠳᠡᠭᠡ ᠬᠡᠭᠡᠷ᠎ᠡ ᠤᠷᠭᠤᠭᠰᠠᠨ ᠨᠡᠷ᠎ᠡ ᠶᠢ ᠨᠢ ᠦᠯᠤ ᠮᠡᠳᠡᠬᠦ ᠴᠡᠴᠡᠭ ᠴᠢ᠂ ᠶᠠᠭᠠᠬᠢᠭᠰᠠᠨ ᠬᠥᠭᠡᠷᠦᠬᠦᠨ ᠪᠤᠢ︖  ᠬᠥᠮᠥᠨ ᠵᠤᠨ ᠤ ᠪᠠᠭ᠋ᠠᠷᠬᠠᠯ ᠢ ᠲᠠᠲᠠᠭᠠᠳ ᠪᠠᠳᠠᠷᠠᠨ ᠳᠡᠯᠭᠡᠷᠡᠬᠦ ᠶᠢᠨ ᠬᠢᠨᠢ ᠰᠣᠷᠭᠤᠭ ᠭᠡᠳᠡᠭ ᠨᠢ ᠁︾ ᠭᠡᠵᠦ ᠠᠯᠢ ᠡᠷᠲᠡ ᠵᠠᠯᠠᠭᠤ ᠶᠢᠨ ᠦᠶ᠎ᠡ ᠳᠤ ᠬᠠᠭᠠᠰ ᠳᠤᠲᠠᠭᠤ ᠪᠢᠴᠢᠭᠡᠳ ᠬᠠᠶᠠᠭᠰᠠᠨ ᠨᠢᠭᠡᠨ ᠨᠠᠶᠢᠷᠠᠭᠤᠯᠤᠯ ᠤᠨ ᠦᠭᠡ ᠥᠭᠦᠯᠡᠪᠦᠷᠢ ᠭᠡᠨᠡᠳᠲᠡ ᠲᠠᠷᠢᠬᠢᠨ ᠳᠤ ᠨᠢ  ᠬᠠᠷᠪᠤᠨ ᠣᠷᠣᠵᠤ ᠢᠷᠡᠪᠡ᠃      ᠡᠪᠦᠯ ᠤᠨ ᠬᠦᠢᠲᠡᠨ ᠤ ᠵᠢᠬᠡᠭᠦᠨ ᠵᠢᠪᠠᠷ ᠲᠤ ᠭᠡᠭᠡᠪᠴᠢ ᠶᠢᠨ ᠰᠢᠯ ᠮᠥᠰᠥ ᠴᠠᠰᠤ ᠪᠠᠷ ᠪᠦᠷᠬᠦᠭᠳᠡᠵᠡᠢ᠃  ᠬᠠᠷᠠᠩᠭᠤᠢ ᠳᠤ ᠠᠰᠠᠭᠠᠭᠰᠠᠨ ᠯᠠ ᠥᠪᠡᠷ ᠤᠨ ᠮᠡᠳᠡᠯ ᠦᠭᠡᠢ ᠭᠡᠷᠡᠯᠲᠦᠵᠦ᠂ ᠥᠴᠥᠬᠡᠨ ᠪᠤᠯᠪᠠᠴᠤ ᠭᠡᠷᠡᠯ ᠭᠡᠭᠡ ᠪᠠᠨ ᠲᠡᠭᠦᠨ ᠳᠤ ᠵᠣᠷᠢᠭᠤᠯᠵᠤ᠂ ᠮᠥᠴᠡ ᠥᠩᠭᠡᠷᠡᠬᠦ ᠲᠤᠳᠤᠮ ᠠᠮᠢ ᠨᠠᠰᠤ ᠪᠠᠨ ᠵᠣᠷᠢᠭᠤᠯᠤᠭᠰᠠᠭᠠᠷ᠃  ᠠᠰᠠᠭᠠᠭᠰᠠᠨ ᠯᠠ ᠰᠢᠭ᠋ ᠲᠥᠭᠡᠯᠡᠵᠦ ᠲᠠᠯᠪᠢᠭᠰᠠᠨ ᠪᠡᠶ᠎ᠡ᠂ ᠲᠣᠭᠠᠯᠠᠵᠤ ᠲᠠᠯᠪᠢᠭᠰᠠᠨ ᠨᠠᠰᠤ ᠴᠦ ᠥᠨᠥ ᠮᠠᠷᠭᠠᠰᠢ ᠪᠣᠯᠤᠭᠰᠠᠨ ᠠᠮᠢ ᠨᠠᠰᠤᠨ ᠤ ᠪᠣᠭᠤᠨᠢᠰᠤᠯ ᠨᠢ ᠴᠣᠬᠤᠮ ᠬᠡᠨ ᠤ ᠲᠥᠯᠥᠭᠡ ᠪᠠᠶᠢᠳᠠᠭ ᠢ ᠬᠡᠨ ᠴᠦ ᠮᠡᠳᠡᠬᠦ ᠦᠭᠡᠢ ᠶᠤᠮ ᠳ᠋ᠠ᠃ ᠡᠮᠦᠨᠡᠬᠢ  ᠨᠢ ᠶᠠᠪᠤᠵᠤ ᠬᠤᠶᠢᠨᠠᠬᠢ ᠨᠢ ᠮᠥᠷᠳᠡᠳᠡᠭ ᠮᠥᠩᠬᠡᠷᠡᠰᠢ ᠦᠭᠡᠢ ᠬᠤᠷᠸ᠎ᠠ ᠳᠤ ᠣᠷᠣᠨ ᠵᠠᠢ ᠪᠠᠨ ᠰᠤᠯᠠᠯᠠᠵᠤ ᠥᠭᠴᠦ ᠪᠠᠶᠢᠭ᠎ᠠ ᠨᠢ ᠡᠨᠡ ᠪᠠᠶᠢᠯᠭᠦᠢ ᠭᠡᠵᠦ ᠲᠡᠷᠡ ᠪᠤᠲᠣᠵᠦ ᠠᠮᠵᠢᠯ᠎ᠠ᠃      ᠰᠠᠩᠵᠠᠢ ᠭᠤᠸᠠᠢ ᠤᠳᠤᠭ᠎ᠠ ᠦᠨᠦᠷᠲᠦᠭᠰᠡᠨ ᠪᠦᠯᠢᠶᠡᠨ ᠬᠠᠨᠵᠤᠨ ᠳᠡᠭᠡᠷ᠎ᠡ ᠢᠩᠭᠢᠵᠦ ᠤᠯᠠᠨ ᠪᠤᠳᠣᠯ ᠳᠤ ᠣᠷᠢᠶᠠᠯᠳᠤᠨ ᠠᠲᠤᠷᠢᠨ ᠬᠡᠪᠲᠡᠬᠦ ᠳᠤ᠂ ᠬᠥᠳᠡᠭᠡ ᠶᠢᠨ ᠲᠡᠷᠡᠬᠦ ᠨᠡᠷ᠎ᠡ ᠶᠢ ᠨᠢ ᠦᠯᠤ ᠮᠡᠳᠡᠬᠦ ᠴᠡᠴᠡᠭ ᠤᠨ ᠰᠣᠳᠣᠨ ᠰᠠᠶᠢᠬᠠᠨ ᠦᠨᠦᠷ᠂ ᠰᠣᠷᠭᠤᠭ ᠭᠤᠶᠣᠬᠠᠨ ᠥᠩᠭᠡ ᠨᠢ ᠬᠠᠮᠠᠷ ᠲᠤᠨᠢ ᠦᠨᠦᠷᠲᠦᠭᠳᠡᠵᠦ᠂ ᠨᠢᠳᠦᠨ ᠳᠤᠨᠢ ᠰᠣᠯᠣᠩᠭᠠᠷᠠᠬᠤ ᠮᠡᠲᠦ᠃      ᠲᠡᠭᠡᠲᠡᠯ᠎ᠡ ᠲᠡᠷᠡ ᠶᠠᠭ ᠬᠥᠳᠡᠭᠡ ᠬᠡᠭᠡᠷ᠎ᠡ ᠶᠢᠨ ᠠᠭᠯᠠᠭ ᠠᠭᠤᠳᠠᠮ ᠲᠠᠯ᠎ᠠ ᠶᠢᠨ ᠳᠤᠮᠳᠠ ᠡᠯᠤᠶᠢᠷᠡᠨ ᠪᠠᠯᠠᠶᠢᠷᠠᠨ᠂ ᠵᠦᠭ ᠴᠡᠭ ᠢᠶᠠᠨ ᠣᠯᠬᠤ ᠦᠭᠡᠢ ᠵᠣᠭᠰᠣᠵᠤ ᠪᠠᠶᠢᠭ᠎ᠠ ᠪᠠᠨ ᠰᠠᠶ᠋ᠢ ᠣᠯᠵᠤ ᠮᠡᠳᠡᠭᠰᠡᠨ ᠰᠢᠭ ᠬᠠᠴᠢᠨ ᠰᠠᠨᠠᠭᠳᠠᠯ᠎ᠠ᠃ ᠵᠤᠨ ᠤ ᠦᠳᠡᠰᠢ ᠶᠢᠨ ᠰᠢᠷ᠎ᠠ ᠪᠦᠷᠦᠢ ᠨᠠᠮ ᠵᠢᠮᠬᠡᠨ ᠢᠶᠠᠷ ᠵᠠᠮᠬᠠᠷᠠᠵᠤ᠂ ᠦᠳᠡᠰᠢ ᠶᠢᠨ ᠬᠠᠷᠠᠩᠭᠤᠢ ᠠᠭᠠᠵᠢᠮ ᠢᠶᠠᠷ ᠶᠢᠷᠲᠢᠨᠴᠦ ᠶᠢᠨ ᠲᠦᠮᠡᠨ ᠵᠦᠢᠯ ᠢ ᠬᠠᠮᠤᠷᠤᠨ ᠠᠪᠴᠤ᠂ ᠡᠶᠡᠪᠡᠷᠭᠦᠤ ᠵᠥᠭᠡᠯᠡᠨ ᠴᠢᠭᠢᠭᠯᠢᠭ ᠠᠭᠠᠷ ᠲᠤ ᠡᠯᠳᠡᠪ ᠵᠦᠢᠯ ᠤᠨ ᠦᠨᠦᠷ ᠬᠠᠩᠬᠤᠯᠤᠨ᠎ᠠ᠃      ᠶᠠᠮᠠᠷ ᠴᠦ ᠰᠡᠷᠡᠯ ᠮᠡᠳᠡᠷᠡᠮᠵᠢ ᠦᠭᠡᠢ ᠭᠡᠭᠡᠪᠴᠢ ᠤᠷᠤᠭᠤ ᠭᠥᠯᠢᠷᠡᠨ ᠰᠢᠷᠳᠡᠭᠡᠳ ᠬᠡᠪᠲᠡᠬᠦ ᠳᠤ᠂  ᠬᠠᠷᠠᠭᠠᠨ ᠰᠡᠷᠡᠯ ᠢᠶᠠᠷ ᠳᠠᠮᠵᠢᠭᠳᠠᠨ ᠭᠡᠭᠡᠪᠴᠢ ᠶᠢᠨ ᠳᠡᠭᠡᠷ᠎ᠡ ᠨᠢᠭᠡᠨ ᠬᠡᠦᠬᠡᠨ ᠤ ᠳᠦᠷᠢ ᠵᠢᠷᠤᠭ ᠲᠣᠳᠣᠷᠠᠨ ᠢᠯᠡᠷᠡᠬᠦ‍ ᠰᠢᠭ ᠪᠣᠯᠪᠠ᠃ ᠲᠡᠷᠡ ᠬᠡᠦᠬᠡᠨ ᠥᠷᠥᠭᠡᠰᠦᠨ ᠭᠠᠷ ᠢᠶᠠᠷ ᠢᠶᠠᠨ ᠡᠷᠡᠦ ᠪᠠᠨ ᠲᠤᠯᠵᠤ᠂ ᠲᠣᠯᠣᠭᠠᠢ ᠪᠠᠨ ᠳᠠᠯᠵᠢᠢᠯᠭᠠᠨ ᠮᠥᠷᠥᠨ ᠳᠡᠭᠡᠷ᠎ᠡ ᠪᠠᠨ ᠲᠦᠰᠢᠵᠦ᠂ ᠲᠣᠪ ᠳᠤᠭᠤᠶᠢᠬᠠᠨ ᠢᠶᠠᠷ ᠠᠯᠤᠰ ᠢ ᠪᠠᠷᠠᠯᠠᠨ᠂ ᠠᠭᠠᠷ ᠲᠤ ᠠᠨᠢᠪᠠᠯᠵᠠᠨ ᠲᠦᠭᠡᠬᠦ ᠣᠳᠣᠳ ᠢ ᠡᠶᠡᠯᠰᠡᠭ ᠰᠢᠷᠳᠡᠭᠦ ᠳᠤ ᠬᠠᠷᠠᠴᠠᠨ ᠳᠤᠨᠢ ᠦᠨᠡᠨᠴᠢ᠂ ᠴᠡᠪᠡᠷ ᠴᠠᠶᠢᠯᠭᠠᠨ ᠳᠦᠷᠢ ᠪᠠᠶᠢᠳᠠᠯ ᠲᠣᠳᠣᠷᠠᠵᠤ᠂ ᠵᠢᠮᠢᠰ ᠤᠨ ᠤᠯᠠᠭᠠᠨ ᠤᠷᠣᠭᠤᠯ ᠳᠡᠭᠡᠷ᠎ᠡ ᠪᠠᠨ ᠬᠡᠯᠡᠵᠦ ᠢᠯᠡᠳᠬᠡᠮᠡᠷ ᠦᠭᠡᠢ ᠨᠢᠭᠤᠴᠠ ᠢᠨᠢᠶᠡᠳᠦ ᠲᠣᠭᠯᠠᠭᠤᠯᠵᠤ᠂ ᠪᠠᠶᠠᠷ ᠵᠢᠷᠭᠠᠯ ᠳᠠᠭᠠᠨ ᠰᠣᠭᠲᠣᠭᠤᠷᠠᠩᠬᠠᠨ ᠪᠠᠶᠢᠯ᠎ᠠ᠃      ᠲᠡᠭᠦᠨ ᠤ ᠭᠡᠨᠡᠨ ᠴᠠᠶᠢᠯᠭᠠᠨ ᠮᠦᠰᠢᠶᠡᠳᠦ ᠳᠤ ᠶᠢᠷᠲᠢᠨᠴᠦ ᠶᠢᠨ ᠲᠦᠮᠡᠨ ᠬᠡᠷᠡᠭ ᠤᠨ ᠲᠦᠢᠳ ᠶᠠᠷᠰᠢᠭ᠂ ᠲᠦᠪᠡᠭ ᠪᠤᠳᠤᠯᠢᠶᠠᠨ ᠢ ᠣᠯᠵᠤ ᠮᠡᠳᠡᠭᠡᠳᠦᠢ ᠶᠢ ᠲᠣᠳᠣ ᠭᠡᠷᠡᠴᠢᠯᠡᠬᠦ ᠮᠡᠲᠦ ᠬᠡᠬᠦᠳᠡᠭ ᠴᠡᠭᠡᠵᠢ ᠨᠢ ᠬᠡᠴᠢᠨᠡᠨ ᠲᠠᠶᠢᠪᠤᠩ ᠲᠣᠭᠲᠠᠭᠤᠨ ᠢᠶᠠᠷ ᠭᠦᠳᠦᠯᠵᠡᠨ ᠠᠮᠢᠰᠬᠤᠯᠯᠠᠬᠤ ᠠᠵᠢ︖ ᠰᠣᠷᠭᠤᠭ ᠴᠡᠴᠡᠭ ᠤᠨ ᠬᠡᠯᠲᠡᠰ ᠭᠡᠮᠡᠷ ᠤᠷᠢ ᠵᠠᠯᠠᠭᠤ ᠶᠢᠨ ᠬᠠᠴᠠᠷ ᠨᠢᠭᠤᠷ ᠨᠢ ᠶᠠᠭᠠᠬᠢᠭᠰᠠᠨ ᠴᠡᠪᠡᠷᠬᠡᠨ ᠪᠤᠯᠪᠠᠷᠠᠢ ᠬᠠᠷᠠᠭᠳᠠᠬᠤ ᠨᠢ ᠪᠤᠢ︖ ᠰᠠᠩᠵᠠᠢ ᠭᠤᠸᠠᠢ ᠲᠡᠭᠦᠨ ᠲᠠᠢ ᠬᠡᠯᠡᠯᠴᠡᠵᠦ ᠶᠠᠷᠢᠯᠴᠠᠬᠤ ᠶᠢ ᠪᠤᠳᠣᠡᠠᠰᠡᠨ ᠪᠤᠯᠪᠠᠴᠤ ᠪᠡᠶ᠎ᠡ ᠪᠠᠨ ᠪᠠᠷᠢᠭᠠᠳ ᠳᠤᠤᠭᠠᠷᠤᠭᠰᠠᠨ ᠦᠭᠡᠢ᠃ ᠥᠨᠥ ᠬᠡᠦᠬᠡᠨ ᠬᠠᠯᠠᠭᠤᠨ ᠳᠣᠲᠣᠨᠣᠰᠤᠭ ᠢᠨᠢᠶᠡᠮᠰᠦᠭᠯᠡᠯ ᠢᠶᠠᠨ ᠦᠯᠡᠳᠡᠭᠡᠵᠦ᠂ ᠶᠠᠭᠤ ᠨᠢᠭᠡ ᠶᠢ ᠬᠦᠰᠡᠵᠦ ᠬᠦᠯᠢᠶᠡᠵᠦ ᠪᠠᠶᠢᠮᠠᠷ ᠰᠠᠨᠠᠭᠳᠠᠨ᠎ᠠ᠃      ᠲᠠᠰᠤᠷᠬᠠᠰᠡᠨ ᠪᠤᠳᠣᠯ ᠤᠨ ᠬᠢᠨᠢ ᠬᠥᠪᠴᠢ ᠲᠠᠭᠢᠨ ᠵᠠᠯᠭᠠᠭᠳᠠᠵᠤ᠂ ᠬᠥᠳᠡᠭᠡ  ᠬᠡᠭᠡᠷ᠎ᠡ ᠳᠡᠯᠭᠡᠷᠡᠭᠰᠡᠨ᠂ ᠬᠥᠭᠡᠷᠦᠬᠦᠢ ᠲᠡᠷᠡᠬᠦ ᠴᠡᠴᠡᠭ ᠢ ᠬᠠᠷᠠᠬᠤ ᠳᠤ ᠨᠢᠭᠡ ᠯᠠ ᠡᠪ ᠡᠩ ᠤᠨ ᠠᠳᠠᠯ᠎ᠠ ᠰᠣᠷᠭᠤᠭ ᠭᠤᠶᠣᠬᠠᠨ᠃ ᠬᠥᠮᠥᠨ ᠵᠤᠨ ᠤ ᠪᠠᠭ᠋ᠠᠷᠬᠠᠯ ᠢ ᠶᠠᠭᠠᠬᠢᠭᠰᠠᠨ ᠶᠡᠭᠡ ᠲᠠᠲᠠᠬᠤ ᠶᠤᠮ ᠪᠤᠢ ᠭᠡᠵᠦ ᠦᠷᠭᠦᠯᠵᠢᠯᠡᠭᠦᠯᠣᠨ ᠪᠤᠳᠤᠬᠤ ᠳᠤ  ᠠᠰᠠᠭᠠᠭᠰᠠᠨ ᠯᠠ ᠶᠢᠨ ᠬᠢᠨᠢ ᠭᠡᠷᠡᠯ ᠬᠠᠮᠤᠭ ᠡᠴᠦᠰ ᠤᠨ  ᠢᠳᠡ ᠬᠦᠴᠦ ᠪᠠᠨ ᠰᠢᠪᠬᠠᠵᠤ᠂ ᠪᠠᠳᠮᠠᠯᠠᠭᠰᠠᠨ ᠭᠤᠣᠯ ᠨᠢ ᠠᠰᠠᠨ ᠨᠦᠬᠡᠯᠡᠬᠦ ᠲᠦᠯᠤ ᠪᠠᠨ ᠳᠠᠭᠠᠭᠠᠵᠤ ᠶᠠᠳᠠᠨ ᠴᠡᠴᠡᠷᠬᠢᠯᠡᠨ ᠰᠦᠮᠡᠯᠵᠡᠵᠦ᠂ ᠭᠡᠷᠡᠯ ᠭᠡᠭᠡ ᠨᠢ ᠠᠭᠠᠵᠢᠮ ᠢᠶᠠᠷ ᠬᠠᠷᠢᠵᠤ ᠪᠦᠳᠡᠭᠢᠷᠡᠨ ᠪᠠᠶᠢᠯ᠎ᠠ᠃ ᠭᠠᠳᠠᠨ᠎ᠠ ᠴᠠᠰᠤᠨ ᠰᠢᠭᠤᠷᠭ᠎ᠠ ᠢᠰᠬᠡᠷᠦᠨ ᠱᠤᠤᠭᠢᠬᠤ ᠨᠢ ᠶᠠᠮᠠᠷ ᠨᠢᠭᠡᠨ ᠲᠤᠡᠠᠰᠢᠨ ᠠᠷᠢᠶᠠᠲᠠᠨ ᠲᠠᠭᠠᠷᠢᠨ ᠢᠷᠡᠬᠦ ᠮᠡᠲᠦ ᠠᠶᠤᠮᠰᠢᠭᠲᠠᠢ ᠲᠠᠭᠤ ᠴᠢᠮᠡᠭᠡ ᠨᠢ ᠴᠢᠬᠢᠨ ᠳᠤ ᠠᠳᠠ ᠲᠠᠢ ᠰᠣᠨᠣᠰᠳᠠᠨ᠎ᠠ᠃      ᠰᠠᠩᠵᠠᠢ ᠭᠤᠸᠠᠢ ᠶᠢᠨ ᠲᠤᠨᠢᠶ᠎ᠠ ᠮᠠᠭᠤᠲᠠᠢ ᠭᠥᠯᠢᠷᠡᠬᠦ ᠨᠢᠳᠦᠨ ᠤ ᠬᠠᠷᠠᠴᠠᠨ ᠳᠤ ᠥᠭᠡᠷ᠎ᠡ ᠨᠢᠭᠡᠨ ᠵᠦᠢᠯ ᠤᠨ ᠶᠠᠭᠤᠮ᠎ᠠ ᠰᠡᠷᠡᠯ ᠢᠶᠠᠷ ᠨᠢ ᠳᠠᠮᠵᠢᠭᠳᠠᠨ᠂ ᠬᠥᠳᠡᠭᠡ ᠨᠤᠲᠤᠭ ᠤᠨ ᠠᠮᠢᠳᠤᠷᠠᠯ ᠪᠠᠶᠠᠷ ᠪᠠᠶᠠᠰᠬᠤᠯᠠᠩᠲᠤ ᠢᠨᠢᠶᠡᠳᠦ ᠬᠠᠨᠢᠶᠠᠳᠤ ᠲᠠᠭᠤ ᠱᠤᠤᠭᠢᠶᠠᠨ᠂ ᠨᠠᠷᠭᠢᠶᠠᠨ ᠬᠥᠭᠵᠢᠶᠡᠨ ᠢᠶᠠᠷ ᠰᠣᠯᠢᠭᠳᠠᠵᠤ ᠬᠠᠷᠠᠭᠳᠠᠬᠤ ᠰᠢᠭ᠋ ᠪᠣᠯᠣᠯ᠎ᠠ᠃      ᠬᠥᠳᠡᠭᠡ ᠬᠡᠭᠡᠷ᠎ᠡ ᠶᠢᠨ ᠥᠨᠳᠥᠷ ᠤᠷᠭᠤᠭᠰᠠᠨ ᠡᠪᠡᠰᠦ ᠴᠡᠴᠡᠭ ᠤᠨ ᠳᠤᠮᠳᠠᠭᠤᠷ ᠰᠢᠭᠦᠳᠡᠷᠢ ᠶᠢᠨ ᠮᠥᠬᠦᠯᠢᠭ ᠢ ᠭᠢᠯᠲᠠᠭᠠᠨᠠᠲᠠᠯ᠎ᠠ ᠪᠤᠲᠠᠷᠠᠭᠤᠯᠤᠨ ᠬᠤᠶᠠᠷ ᠵᠠᠯᠠᠭᠤ  ᠬᠥᠭᠡᠭᠡᠴᠡᠯᠳᠦᠨ ᠲᠠᠭᠤᠯᠴᠠᠵᠤ ᠪᠠᠶᠢᠭᠰᠠᠨ ᠢᠶᠠᠨ ᠵᠤᠭ ᠲᠤᠰᠣᠨ ᠵᠣᠭᠰᠣᠵᠤ᠂ ᠲᠣᠯᠣᠭᠠᠢ ᠪᠠᠨ ᠨᠡᠶᠢᠯᠡᠭᠦᠯᠦᠨ  ᠣᠶᠢᠷᠠᠳᠬᠤ ᠳᠤ ᠲᠠᠳᠡᠨ ᠤ ᠭᠡᠷᠡᠯ ᠰᠠᠴᠤᠷᠠᠭᠰᠠᠨ ᠬᠤᠣᠰ ᠨᠢᠳᠦ ᠨᠢ ᠰᠠᠩᠵᠠᠢ ᠭᠤᠸᠠᠢ ᠶᠢ ᠬᠤᠷᠴᠠ ᠰᠡᠷᠭᠡᠭ ᠢᠶᠠᠷ ᠢᠨᠢᠶᠡᠮᠰᠦᠭᠯᠡᠨ ᠰᠢᠷᠳᠡᠵᠦ᠂ ᠤᠯᠠᠪᠤᠷ ᠶᠠᠭᠠᠪᠲᠤᠷ ᠬᠠᠴᠠᠷ ᠲᠠᠭᠠᠨ ᠲᠣᠭᠯᠠᠭᠤᠯᠤᠭᠰᠠᠨ ᠢᠨᠢᠶᠡᠳᠦ ᠪᠠᠨ ᠬᠤᠷᠢᠵᠤ ᠶᠠᠳᠠᠨ ᠢᠰᠪᠡᠯᠵᠡᠨ᠎ᠡ᠃ ᠲᠡᠳᠡ ᠭᠠᠷ ᠭᠠᠷ ᠢᠶᠠᠨ ᠰᠤᠯᠪᠢᠴᠠᠭᠤᠯᠣᠨ ᠲᠡᠪᠡᠷᠢᠯᠳᠦᠵᠦ᠂ ᠳᠦᠷᠡᠯᠵᠡᠨ ᠨᠣᠴᠣᠭᠰᠠᠨ ᠬᠠᠶᠢᠷ᠎ᠠ ᠶᠢᠨ ᠲᠦᠯᠣ ᠳᠡᠭᠡᠨ ᠬᠠᠷᠢᠯᠴᠠᠨ ᠤᠶᠠᠰᠴᠤ᠂ ᠤᠷᠢ ᠵᠠᠯᠠᠭᠤ ᠶᠢᠨ ᠵᠢᠪᠬᠤᠭ᠎ᠠ ᠲᠡᠭᠦᠯᠳᠡᠷ᠂ ᠵᠣᠯ ᠵᠢᠷᠭᠠᠯᠲᠤ ᠶᠠᠷᠢᠯᠴᠠᠭ᠎ᠠ ᠪᠠᠨ ᠦᠷᠭᠦᠯᠵᠢᠯᠡᠭᠦᠯᠤᠨ ᠬᠤᠷᠸ᠎ᠠ ᠳᠤ ᠮᠥᠩᠬᠡᠷᠡᠬᠦ ᠶᠢ ᠵᠢᠷᠦᠬᠡᠨ ᠳᠡᠭᠡᠨ ᠵᠠᠯᠪᠠᠷᠢᠨ᠎ᠠ᠃      ᠲᠡᠷᠲᠡᠭᠡ ᠠᠯᠤᠰ ᠲᠤ ᠲᠡᠷᠭᠡ  ᠬᠥᠭᠯᠡᠵᠦ᠂ ᠲᠡᠮᠡᠭᠡ ᠲᠤᠶᠢᠯᠠᠵᠤ  ᠪᠠᠶᠢᠮᠠᠷᠬᠠᠨ᠂ ᠪᠠᠰᠠ ᠮᠣᠷᠢᠨ ᠲᠦᠪᠡᠷᠭᠡᠨ ᠤ ᠲᠠᠭᠤᠨ ᠴᠦ ᠭᠡᠮᠡᠷ᠂ ᠨᠢᠭᠡᠨ ᠬᠠᠴᠢᠨ ᠰᠣᠨᠢᠬᠠᠨ ᠲᠠᠭᠤ ᠴᠢᠮᠡᠭᠡ ᠪᠦᠦᠷ ᠲᠦᠦᠷ  ᠴᠢᠬᠢᠨ ᠬᠡᠩᠭᠡᠷᠭᠡ ᠶᠢ ᠳᠡᠯᠡᠳᠦᠨ ᠪᠢᠲᠡᠭᠦᠬᠡᠨ ᠰᠣᠨᠣᠰᠳᠠᠨ᠎ᠠ᠃ ᠡᠨᠡ ᠨᠢ ᠪᠠᠷᠤᠭ ᠨᠠᠭᠠᠰᠢᠯᠠᠵᠤ ᠢᠷᠡᠬᠦ ᠡᠷᠯᠢᠭ ᠤᠨ ᠡᠯᠴᠢ ᠶᠢᠨ ᠤᠨᠤᠭ᠎ᠠ ᠬᠥᠰᠬᠡ ᠶᠢᠨ ᠬᠢᠨᠢ ᠲᠠᠭᠤ ᠴᠢᠮᠡᠭᠡ ᠪᠤᠯᠣᠯᠳᠠᠢ ᠁      ᠰᠦᠮᠡᠯᠵᠡᠨ ᠠᠰᠠᠭᠰᠠᠨ ᠯᠠ ᠶᠢᠨ ᠭᠡᠷᠡᠯ ᠫᠦᠷ ᠫᠦᠷ  ᠬᠢᠵᠦ ᠪᠠᠳᠠᠷᠡᠨ ᠳᠤᠸᠠᠯᠠᠭᠠᠳ᠂ ᠬᠠᠮᠤᠭ ᠡᠴᠦᠰ ᠤᠨ ᠬᠠᠶᠢᠯᠤᠨ ᠤᠶᠠᠰᠬᠤ ᠴᠠᠷᠴᠠᠭᠤ ᠪᠡᠶ᠎ᠡ ᠶᠢᠨ ᠢᠶᠠᠨ ᠰᠢᠮ᠎ᠡ ᠰᠢᠭᠦᠰᠦ ᠪᠠᠨ ᠰᠢᠪᠬᠠᠨ ᠠᠪᠤᠭᠠᠳ ᠬᠠᠶᠢᠪᠠᠯᠵᠠᠨ ᠲᠠᠶᠢᠪᠠᠯᠵᠬᠠᠰᠠᠭᠠᠷ ᠣᠶᠢᠴᠢᠬᠤ ᠳᠤ ᠲᠤᠨᠢᠶ᠎ᠠ ᠦᠭᠡᠢ ᠰᠦᠮᠡᠯᠵᠡᠬᠦ ᠭᠡᠷᠡᠯ ᠨᠢ ᠶᠠᠭ ᠯᠠ ᠶᠢᠷᠲᠢᠨᠴᠦ ᠳᠡᠭᠡᠷ᠎ᠡ ᠠᠴᠠ ᠶᠠᠭᠤ ᠨᠢᠭᠡ ᠶᠢ ᠡᠷᠢᠵᠦ ᠰᠤᠪᠢᠬᠤ ᠰᠢᠭ᠋ ᠰᠠᠯᠵᠤ ᠶᠠᠳᠠᠭᠰᠠᠭᠠᠷ ᠬᠠᠷᠢᠬᠤ ᠳᠤ ᠭᠡᠷ ᠳᠣᠲᠣᠷ᠎ᠠ ᠠᠭᠠᠵᠢᠮ ᠢᠶᠠᠷ ᠪᠦᠳᠡᠭᠢᠷᠡᠨ ᠬᠠᠷᠠᠩᠭᠤᠶᠢᠯᠠᠯ᠎ᠠ᠃      ᠭᠡᠮ ᠠᠷᠬᠠᠭ ᠲᠠᠭᠠᠨ ᠪᠠᠷᠢᠭᠳᠠᠭᠰᠠᠨ  ᠰᠠᠩᠵᠠᠢ ᠭᠤᠸᠠᠢ  ᠭᠡᠷᠡᠯ ᠪᠠ ᠰᠡᠭᠦᠳᠡᠷ ᠢ ᠳᠥᠩᠭᠡᠵᠢ ᠡᠭᠡᠯᠵᠢᠯᠡᠭᠦᠯᠦᠨ᠂ ᠭᠡᠷ ᠤᠨ ᠮᠤᠬᠤᠷ ᠰᠠᠬᠢᠵᠤ ᠬᠡᠪᠲᠡᠬᠦ ᠳᠡᠭᠡᠨ᠄ ︽ᠠᠯᠢ ᠨᠢᠭᠡ ᠡᠳᠦᠷ ᠬᠡᠵᠢᠶ᠎ᠡ ᠨᠢᠭᠡᠨ ᠴᠠᠭ ᠲᠤ ᠭᠡᠷᠡᠯ  ᠨᠢ ᠬᠠᠷᠢᠬᠤ ᠯᠠ ᠰᠢᠭ᠋ ᠢᠶᠠᠨ ᠭᠡᠷᠡᠯ ᠭᠡᠭᠡ ᠭᠡᠮ ᠠᠷᠬᠠᠭ ᠲᠡᠷᠡ ᠪᠦᠭᠦᠨ ᠢ ᠬᠤᠷᠢᠶᠠᠭᠠᠳ᠂ ᠶᠢᠷᠲᠢᠨᠴᠦ ᠳᠤ ᠤᠭᠢᠯᠠᠭᠠᠳ ᠢᠷᠡᠭᠰᠡᠨ ᠰᠢᠭ᠂ ᠳᠠᠭᠤᠯᠠᠭᠠᠳ ᠶᠠᠪᠤᠬᠤ ᠴᠦ ᠪᠢᠰᠢ᠃ ᠵᠢᠷᠦᠬᠡᠨ ᠳᠡᠭᠡᠨ ᠨᠢᠯᠪᠤᠰᠤ ᠲᠠᠢ ᠪᠠᠷ ᠠᠯᠢᠪᠠ ᠵᠠᠨᠤᠯ ᠬᠤᠷᠣᠰᠤᠯ ᠠᠲᠠᠭ᠎ᠠ ᠵᠢᠲᠥᠭᠡ᠂ ᠪᠠᠶᠠᠷ ᠭᠤᠨᠢᠭ ᠶᠠᠭᠤ ᠪᠦᠭᠦᠨ ᠢᠶᠠᠨ ᠠᠪᠤᠭᠠᠳ ᠶᠠᠪᠤᠴᠢᠬᠠᠳᠠᠭ᠃ ᠨᠡᠷ᠎ᠡ ᠪᠠᠨ ᠮᠥᠩᠬᠡᠷᠡᠭᠦᠯᠵᠦ᠂ ᠮᠥᠷ ᠢᠶᠠᠨ ᠦᠯᠡᠳᠡᠭᠡᠳᠡᠭ ᠴᠦ ᠪᠢᠰᠢ᠃ ᠡᠵᠢ ᠶᠢᠨ ᠬᠡᠪᠡᠯᠢ ᠳᠡᠭᠡᠨ ᠪᠠᠶᠢᠬᠤ ᠰᠢᠭ᠋ ᠠᠳᠬᠤ ᠪᠢᠲᠡᠭᠦᠦ ᠦᠨᠡᠰᠦ ᠪᠠᠨ  ᠪᠥᠮᠪᠥᠷᠴᠡᠭ ᠤᠨ ᠬᠡᠪᠡᠯᠢ ᠳᠤ ᠪᠤᠯᠠᠰᠢᠯᠠᠭᠤᠯᠤᠭᠠᠳ᠂ ᠨᠢᠭᠡ ᠨᠠᠰᠤ ᠢᠩᠭᠢᠭᠡᠳ ᠳᠠᠭᠤᠰᠴᠢᠬᠠᠳᠠᠭ ᠰᠢᠤ︾ ᠭᠡᠵᠦ ᠪᠤᠳᠣᠬᠤ ᠳᠤ ᠪᠤᠲᠣᠯ ᠰᠡᠳᠬᠢᠯ ᠨᠢ ᠲᠠᠯ᠎ᠠ ᠰᠢᠭ᠋ ᠠᠭᠤᠵᠢᠷᠠᠵᠤ᠂ ᠡᠯᠦᠢ ᠬᠤᠯᠤᠢ ᠪᠣᠯᠣᠭᠠᠳ ᠶᠠᠪᠤᠴᠢᠬᠠᠯ᠎ᠠ᠃      ᠰᠠᠩᠵᠠᠢ ᠭᠤᠸᠠᠢ ᠶᠢᠨ ᠡᠯᠢᠭᠡᠨ ᠳᠤ ᠴᠠᠭᠠᠷᠢᠭᠯᠠᠨ ᠬᠡᠪᠲᠡᠭᠰᠡᠨ ᠬᠥᠭᠰᠢᠨ ᠮᠤᠤᠷ ᠤᠨ ᠬᠠᠮᠠᠷ ᠲᠠᠲᠠᠬᠤ ᠲᠠᠭᠤᠨ  ᠨᠢ ᠲᠡᠭᠦᠨ ᠳᠤ ᠠᠮᠢ ᠲᠠᠢ ᠪᠠᠶᠢᠬᠤ ᠮᠡᠳᠡᠷᠡᠮᠵᠢ ᠶᠢ ᠣᠯᠭᠤᠨ᠎ᠠ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号