ᠬᠤᠯᠠᠨ ᠵᠢᠷᠤᠭ᠎ᠠ
ᠨᠡᠶᠢᠲᠡᠯᠡᠭᠰᠡᠨ ᠴᠠᠭ᠄
2023/10/11
     ᠲᠣᠯᠣᠭᠠᠢ ᠳᠡᠭᠡᠷ᠎ᠡ ᠪᠠᠨ ᠳᠤᠭᠤᠢ ᠬᠠᠷ᠎ᠠ ᠲᠠᠢ᠂ ᠲᠠᠬᠳᠠᠭ᠎ᠠ ᠠᠴᠠ ᠪᠠᠭ᠎ᠠ ᠰᠢᠭ᠋ ᠬᠤᠯᠠᠨ ᠵᠢᠷᠤᠭ᠎ᠠ ᠭᠡᠳᠡᠭ ᠴᠠᠶᠢᠪᠤᠷ ᠪᠣᠷᠣ ᠰᠢᠪᠠᠭᠤ ᠮᠠᠨ ᠤ ᠨᠤᠲᠤᠭ ᠲᠤ ᠪᠠᠶᠢᠩᠭᠤ ᠨᠤᠲᠤᠭᠰᠢᠳᠠᠭ᠃ ᠬᠤᠶᠠᠷ ᠬᠥᠯ ᠢᠶᠠᠨ ᠵᠢᠷᠢᠯᠵᠡᠭᠦᠯᠦᠨ ᠬᠤᠷᠳᠤᠨ ᠭᠦᠶᠦᠳᠡᠭ ᠢᠶᠠᠷ ᠨᠢ ᠬᠤᠯᠠᠨ ᠵᠢᠷᠤᠭ᠎ᠠ ᠭᠡᠵᠦ ᠨᠡᠷᠡᠯᠡᠭᠰᠡᠨ ᠪᠠᠶᠢᠵᠤ ᠪᠤᠯᠬᠤ ᠶᠤᠮ᠃ ᠮᠠᠨ ᠤ ᠨᠤᠲᠤᠭ ᠤᠨ  ᠬᠢᠨ ᠬᠤᠯᠠᠨ ᠵᠢᠷᠤᠭ᠎ᠠ ᠶᠢ ᠮᠡᠷᠭᠡᠨ ᠰᠢᠪᠠᠭᠤ ᠭᠡᠯᠴᠡᠨ᠎ᠡ᠃
     ᠬᠤᠨᠢ ᠬᠠᠷᠢᠭᠤᠯᠤᠨ ᠶᠠᠪᠤᠲᠠᠯ᠎ᠠ ᠳᠡᠭᠡᠶᠢᠭᠰᠡᠨ ᠥᠨᠳᠥᠷ ᠦᠨᠳᠦᠰᠦ ᠲᠠᠢ ᠰᠡᠭᠰᠡᠭᠡᠷ ᠲᠣᠮᠣᠬᠠᠨ ᠲᠣᠷᠯᠤᠭ ᠤᠨ ᠴᠠᠭᠠᠭᠤᠷ ᠬᠤᠯᠠᠨ ᠵᠢᠷᠤᠭ᠎ᠠ ᠨᠠᠭᠠᠰᠢ ᠴᠠᠭᠠᠰᠢ ᠭᠦᠶᠦᠵᠦ ᠬᠠᠷᠠᠭᠳᠠᠯ᠎ᠠ᠃ ᠪᠢ ᠲᠣᠷᠯᠤᠭ ᠢ ᠲᠣᠭᠤᠷᠢᠨ ᠡᠷᠭᠢᠪᠡᠯ ᠲᠡᠷᠡ ᠪᠠᠰᠠ ᠡᠷᠭᠢᠨ᠎ᠡ᠃ ᠪᠢ ᠵᠣᠭᠰᠣᠪᠠᠯ ᠲᠡᠷᠡ ᠴᠦ ᠵᠣᠭᠰᠣᠨ᠎ᠠ᠃ ᠶᠠᠭ ᠯᠠ ᠨᠠᠳᠠ ᠲᠠᠢ ᠨᠢᠭᠤᠯᠴᠠᠭ᠎ᠠ ᠬᠢᠨ ᠨᠠᠭᠠᠳᠴᠤ ᠪᠠᠶᠢᠬᠤ ᠰᠢᠭ᠋᠃ ︽ᠬᠢᠷᠢ ᠳᠡᠭᠡᠨ ᠮᠡᠷᠭᠡᠨ ᠠᠮᠢᠳᠠᠨ ᠶᠤᠮ ᠭᠡᠴᠢ︕︾ ᠭᠡᠵᠦ ᠪᠤᠳᠤᠨ ᠴᠠᠰᠢ ᠬᠠᠨᠳᠤᠲᠠᠯ᠎ᠠ ᠬᠠᠵᠠᠭᠤᠬᠠᠨ ᠠᠴᠠ ᠪᠠᠰᠠ ᠨᠢᠭᠡ ᠬᠤᠯᠠᠨ ᠵᠢᠷᠤᠭ᠎ᠠ ᠭᠠᠷᠴᠤ ᠢᠷᠠᠨ᠂ ᠬᠤᠷᠳᠤᠨ ᠬᠤᠷᠳᠤᠨ ᠵᠢᠷᠭᠢᠵᠦ ᠣᠶᠢᠷ᠎ᠠ ᠣᠶᠢᠷ᠎ᠠ ᠨᠢᠰᠴᠦ ᠪᠠᠭᠤᠨ᠎ᠠ᠃ ᠬᠥᠳᠡᠯᠦᠯ ᠪᠠᠷᠢᠯ ᠠᠴᠠ ᠨᠢ ᠣᠶᠢᠷ᠎ᠠ ᠬᠠᠪᠢ ᠳᠤ ᠡᠭᠦᠷ ᠨᠢ ᠪᠠᠶᠢᠬᠤ ᠶᠢ ᠪᠠᠷᠤᠭᠯᠠᠭᠰᠠᠨ ᠪᠢ ᠡᠶᠢᠰᠢ ᠲᠡᠶᠢᠰᠢ ᠬᠠᠷᠠᠭ᠎ᠠ ᠭᠦᠶᠦᠯᠭᠡᠪᠡ᠃      ᠲᠣᠮᠣᠬᠠᠨ ᠵᠠᠭ ᠤᠨ ᠣᠷᠣᠢ ᠳᠠᠬᠢ ᠡᠪᠦᠭᠡ ᠶᠢᠨ ᠮᠣᠳᠣᠨ ᠠᠶᠠᠭ᠎ᠠ ᠰᠢᠭ᠋ ᠪᠣᠮᠪᠣᠭᠤᠷ ᠪᠣᠷᠣ ᠡᠭᠦᠷ ᠲᠤ ᠲᠤᠪᠤ ᠲᠤᠪᠤ ᠴᠣᠬᠤᠷ ᠲᠦᠷᠪᠡᠨ ᠴᠡᠩᠬᠡᠷ ᠪᠣᠷᠣ ᠥᠨᠳᠡᠭᠡ ᠲᠤᠪᠤᠶᠢᠵᠤ  ᠪᠠᠶᠢᠨ᠎ᠠ᠃ ︽ᠬᠤᠯᠠᠨ ᠵᠢᠷᠤᠭ᠎ᠠ ᠶᠢᠨ ᠡᠭᠦᠷ ᠲᠤ ᠶᠢᠰᠦᠨ ᠵᠣᠭᠤᠰ ᠬᠢᠪᠡᠯ ᠬᠤᠯᠠᠨ ᠵᠢᠷᠤᠭ᠎ᠠ ᠲᠡᠳᠡᠭᠡᠷ ᠵᠣᠭᠤᠰ ᠢ ᠭᠠᠵᠠᠷ ᠲᠤ ᠪᠤᠯᠠᠨ᠎ᠠ᠃ ᠭᠠᠵᠠᠷ ᠲᠤ ᠪᠤᠯᠠᠭᠰᠠᠨ ᠵᠣᠭᠤᠰ ᠢ ᠣᠯᠵᠤ ᠲᠡᠶᠢᠯᠪᠡᠯ ᠮᠡᠷᠭᠡᠨ ᠪᠤᠯᠳᠠᠭ︕︾ ᠭᠡᠵᠦ ᠬᠥᠮᠥᠰ ᠬᠡᠯᠡᠯᠴᠡᠵᠦ ᠪᠠᠶᠢᠬᠤ ᠶᠢ ᠣᠯᠠᠨᠲᠠ ᠰᠣᠨᠣᠰᠤᠭᠰᠠᠨ ᠪᠢ ᠬᠤᠯᠠᠨ ᠵᠢᠷᠤᠭ᠎ᠠ ᠶᠢᠨ ᠡᠭᠦᠷ ᠲᠤ ᠵᠣᠭᠤᠰ ᠪᠤᠯᠠᠵᠤ ᠮᠡᠷᠭᠡᠨ ᠪᠤᠯᠬᠤ ᠶᠢ ᠰᠠᠨᠠᠯ᠎ᠠ᠃ ᠨᠠᠳᠠ ᠬᠠᠮᠢᠭ᠎ᠠ ᠠᠴᠠ ᠶᠢᠰᠦᠨ ᠵᠣᠭᠤᠰ ᠪᠠᠶᠢᠬᠤ ᠪᠤᠢ᠃ ᠶᠢᠰᠦᠨ ᠬᠤᠨᠢᠨ ᠤ ᠬᠤᠷᠭᠤᠯ ᠲᠡᠭᠦᠵᠦ᠂ ᠪᠤᠰᠤᠳ ᠬᠤᠷᠭᠤᠯ ᠠᠴᠠ ᠢᠯᠭᠠᠬᠤ ᠶᠢᠨ ᠲᠤᠯᠠᠳᠠ ᠪᠤᠲᠠᠨ ᠤ ᠮᠥᠴᠢᠷ ᠢᠶᠠᠷ ᠪᠥᠭᠡᠷᠡᠨ ᠳᠡᠭᠡᠷ᠎ᠡ ᠨᠢ ᠵᠢᠵᠢᠭᠬᠡᠨ ᠨᠦᠬᠡ ᠭᠠᠷᠭᠠᠭᠠᠳ ᠬᠤᠯᠠᠨ ᠵᠢᠷᠤᠭ᠎ᠠ ᠶᠢᠨ ᠡᠭᠦᠷ ᠲᠤ ᠬᠢᠵᠦ ᠵᠠᠶᠢᠲᠠᠢ ᠭᠠᠵᠠᠷ ᠠᠴᠠ ᠬᠠᠷᠠᠵᠤ ᠰᠠᠭᠤᠪᠠ᠃ ᠬᠤᠯᠠᠨ ᠵᠢᠷᠤᠭ᠎ᠠ ᠡᠭᠦᠷ ᠲᠤᠨᠢ ᠬᠢᠭᠰᠡᠨ ᠬᠤᠷᠭᠤᠯ ᠢ ᠨᠢᠭᠡ ᠨᠢᠭᠡ ᠪᠠᠷ ᠨᠢ ᠵᠠᠭᠤᠨ ᠡᠶᠢᠰᠢ ᠲᠡᠶᠢᠰᠢ ᠭᠦᠶᠦᠵᠦ ᠠᠳᠡ ᠲᠡᠨᠳᠡ ᠪᠤᠯᠠᠨ᠎ᠠ᠃ ᠪᠢ ᠬᠠᠮᠢᠭ᠎ᠠ ᠬᠠᠮᠢᠭ᠎ᠠ ᠪᠤᠯᠠᠬᠤ ᠶᠢ ᠨᠢ ᠰᠠᠶᠢᠲᠤᠷ ᠠᠩᠬᠠᠷᠴᠤ ᠨᠠᠷᠢᠨ ᠲᠣᠭᠲᠠᠭᠠᠵᠤ ᠠᠪᠤᠭᠠᠳ ᠨᠢᠭᠡ ᠨᠢᠭᠡ ᠪᠠᠷ ᠨᠢ ᠣᠯᠵᠤ ︽ᠬᠤᠯᠠᠨ ᠵᠢᠷᠤᠭ᠎ᠠ ᠰᠢᠭ᠋ ᠮᠡᠷᠭᠡᠨ ᠪᠣᠯᠣᠭᠠᠰᠠᠢ︕︾ ᠭᠡᠵᠦ ᠰᠢᠪᠰᠢᠨ ᠶᠢᠰᠦᠨ ᠬᠤᠷᠭᠤᠯ ᠤᠨ ᠢᠶᠠᠨ ᠨᠢᠭᠡ ᠲᠠᠯ᠎ᠠ ᠶᠢᠨ ᠬᠢᠨᠢ ᠬᠠᠷ᠎ᠠ ᠬᠠᠯᠢᠰᠤ ᠶᠢ ᠬᠠᠭᠤᠯᠵᠤ ᠬᠠᠷ᠎ᠠ᠂ ᠴᠠᠭᠠᠨ ᠬᠤᠶᠠᠷ ᠲᠠᠯ᠎ᠠ ᠲᠠᠢ ᠪᠣᠯᠭᠠᠨ ᠬᠢᠯᠭᠠᠰᠤ ᠪᠠᠷ ᠬᠡᠯᠬᠢᠵᠦ ᠡᠪᠦᠷᠲᠦᠯᠡᠪᠡ᠃ ᠰᠡᠭᠦᠯ ᠳᠤᠨᠢ ᠪᠦᠷ ᠤᠲᠠᠰᠤ ᠪᠠᠷ ᠬᠡᠯᠬᠢᠵᠦ ᠠᠪᠤᠯ᠎ᠠ᠃      ᠠᠪᠤ ᠵᠣᠭᠤᠰ ᠤᠷᠭᠢᠪᠡ᠃ ᠠᠪᠤ ᠨᠠᠷᠢᠬᠠᠨ ᠰᠤᠷ ᠢᠶᠠᠷ ᠬᠡᠯᠬᠢᠭᠰᠡᠨ ᠶᠢᠰᠦᠨ ᠵᠣᠭᠤᠰ ᠢ ᠦᠷᠭᠦᠯᠵᠢ ᠪᠡᠶ᠎ᠡ ᠳᠡᠭᠡᠨ ᠠᠪᠴᠤ ᠶᠠᠪᠤᠳᠠᠭ ᠴᠦ ᠲᠡᠷᠡ ᠪᠣᠯᠭᠠᠨ ᠶᠠᠭᠤᠮᠠᠨ ᠳᠤ ᠤᠷᠭᠢᠳᠠᠭ ᠦᠭᠡᠢ᠃ ᠬᠠᠮᠢᠭ᠎ᠠ ᠴᠠᠭᠠᠨ᠎ᠠ ᠬᠠᠪᠬ᠎ᠠ ᠡᠷᠭᠢᠬᠦ ᠪᠠᠷ ᠶᠠᠪᠤᠬᠤ ᠳᠠᠭᠠᠨ ᠤᠷᠭᠢᠨ᠎ᠠ᠃ ᠠᠪᠤ ᠬᠠᠪᠬ᠎ᠠ ᠪᠠᠨ ᠡᠷᠭᠢᠬᠦ ᠪᠠᠷ ᠶᠠᠪᠤᠬᠤ ᠨᠢ ᠭᠡᠳᠡᠭ ᠢ ᠭᠠᠳᠠᠷᠯᠠᠭᠰᠠᠨ ᠪᠢ ᠥᠪᠡᠷ ᠤᠨ ᠠᠯᠢ ᠵᠡᠷᠭᠡ ᠮᠡᠷᠭᠡᠨ ᠪᠣᠯᠵᠤ ᠪᠠᠶᠢᠭ᠎ᠠ ᠪᠠᠨ ᠰᠢᠯᠭᠠᠬᠤ ᠪᠠᠷ ᠭᠠᠳᠠᠨ᠎ᠠ ᠭᠠᠷᠴᠤ᠂ ︽ᠠᠪᠤ ᠶᠢᠨ ᠬᠠᠪᠬᠠᠨ ᠳᠤ ᠵᠡᠭᠡᠷ᠎ᠡ ᠣᠷᠣᠵᠤ ᠤᠤ︖︾ ᠭᠡᠵᠦ ᠰᠢᠪᠰᠢᠭᠡᠳ ︽ᠵᠣᠭᠤᠰ ᠤᠷᠭᠢᠪᠡ︾᠃ ᠪᠥᠭᠡᠷᠡᠩᠬᠡᠢ ᠬᠤᠷᠭᠤᠯ ᠪᠤᠨᠲᠣᠭᠤᠷ ᠵᠢᠵᠢᠭᠬᠡᠨ ᠠᠯᠠᠭᠠᠨ ᠳᠡᠭᠡᠷ᠎ᠡ ᠮᠢᠨᠢ ᠲᠣᠭᠲᠠᠬᠤ ᠦᠭᠡᠢ ᠡᠶᠢᠰᠢ ᠲᠡᠶᠢᠰᠢ ᠤᠨᠠᠨ᠎ᠠ᠃      ︽ᠠᠪᠤ ᠶᠢᠨ ᠬᠢᠨᠢ ᠬᠠᠪᠬᠠᠨ ᠳᠤ ᠵᠡᠭᠡᠷ᠎ᠡ ᠣᠷᠣᠬᠤ ᠨᠢ ᠤᠤ︖︾ ᠭᠡᠯ᠎ᠡ᠃ ᠪᠢ ᠰᠣᠴᠢᠨ ︽ᠶᠢᠰᠦᠨ ᠵᠣᠭᠤᠰ︾  ᠢᠶᠠᠨ ᠠᠷᠤ ᠳᠠᠭᠠᠨ ᠨᠢᠭᠤᠲᠠᠯ᠎ᠠ ᠬᠤᠶᠠᠷ ᠨᠢ ᠭᠠᠵᠠᠷ ᠤᠨᠠᠪᠠ᠃ ᠠᠪᠦ‍ ᠨᠢᠭᠡ ᠶᠢ ᠨᠢ ᠠᠪᠴᠤ ᠡᠷᠭᠢᠭᠦᠯᠵᠦ ᠲᠣᠭᠤᠷᠢᠭᠤᠯᠤᠨ ᠬᠡᠰᠡᠭ ᠦᠵᠡᠭᠡᠳ᠄ ︽ᠮᠢᠨᠤ ᠬᠦᠦ ᠶᠢᠨ ᠵᠣᠭᠤᠰ ᠭᠤᠶᠤ ᠪᠠᠶᠢᠨ᠎ᠠ︕︾ ᠭᠡᠯ᠎ᠡ᠃ ᠠᠪᠤ ᠶᠢᠨ ᠦᠭᠡᠨ ᠳᠤ ᠤᠷᠮᠠᠰᠢᠭᠰᠠᠨ ᠪᠢ ︽ᠬᠤᠯᠠᠨ ᠵᠢᠷᠤᠭ᠎ᠠ ᠶᠢᠨ ᠡᠭᠦᠷ ᠲᠤ ᠬᠢᠭᠰᠡᠨ ᠶᠤᠮ ᠴᠢᠨᠢ︕︾ ᠭᠡᠵᠦ ᠨᠡᠮᠡᠯ᠎ᠡ᠃ ᠠᠪᠤ᠄ ︽ᠦ᠂ ᠪᠠᠰᠠ ᠤᠤ︖︾ ᠭᠡᠳ ᠵᠤᠯᠠᠢ ᠳᠡᠭᠡᠷ᠎ᠡ ᠮᠢᠨᠢ ᠦᠨᠦᠰᠦᠭᠡᠳ ᠮᠣᠷᠳᠠᠪᠠ᠃      ᠲᠡᠳᠦᠢ ᠯᠠ ᠤᠳᠠᠭᠰᠠᠨ ᠦᠭᠡᠢ ᠠᠪᠤ ᠲᠠᠷᠭᠤᠨ ᠣᠭᠤᠨᠣ ᠡᠭᠦᠷᠴᠦ ᠢᠷᠡᠭᠡᠳ ᠡᠳ᠋ᠯᠡᠬᠦ ᠳᠤ ᠨᠢ᠂ ᠡᠪᠴᠢᠭᠦᠦ ᠲᠦᠰᠢᠵᠦ ᠰᠠᠭᠤᠭᠰᠠᠨ ᠪᠢ ︽ᠠᠪᠤ ᠶᠢᠨ ᠵᠣᠭᠤᠰ ᠦᠨᠡᠬᠡᠷ ᠮᠡᠷᠭᠡᠨ᠂ ᠬᠤᠯᠠᠨ ᠵᠢᠷᠤᠭ᠎ᠠ ᠶᠢᠨ ᠡᠭᠦᠷ ᠲᠤ ᠪᠤᠯᠠᠭᠠᠳ ᠯᠠ ᠮᠡᠷᠭᠡᠨ ᠪᠣᠯᠤᠭᠰᠠᠨ ᠪᠢᠵᠡ︖︾ ᠭᠡᠯ᠎ᠡ᠃ ︽ᠬᠠᠨᠠᠰᠠ ᠠᠴᠠ ᠳ᠋ᠠ᠂ ᠬᠦᠦ ᠮᠢᠨᠢ︕ ᠪᠢ ᠴᠢᠨᠦ ᠨᠠᠰᠤᠨ ᠳᠤ ᠪᠠᠶᠢᠬᠤ ᠳᠠᠭᠠᠨ ᠬᠤᠯᠠᠨ ᠵᠢᠷᠤᠭ᠎ᠠ ᠶᠢᠨ ᠡᠭᠦᠷ ᠲᠤ ᠶᠢᠰᠦᠨ ᠵᠣᠭᠤᠰ ᠬᠢᠭᠡᠳ ᠬᠤᠯᠠ ᠠᠴᠠ ᠳᠤᠷᠠᠨᠳᠠᠵᠤ ᠪᠠᠶᠢᠭᠠᠳ ᠪᠦᠭᠦᠳᠡ ᠶᠢ ᠨᠢ ᠴᠤᠭᠯᠠᠭᠤᠯᠵᠤ ᠠᠪᠤᠭᠰᠠᠨ ᠶᠤᠮ᠃ ᠶᠠᠮᠠᠷ ᠮᠡᠷᠭᠡᠨ ᠳᠤ ᠲᠣᠭᠠᠴᠠᠭᠳᠠᠬᠤ ᠪᠤᠢ᠃ ᠠᠪᠤ ᠨᠢ ᠵᠣᠭᠤᠰᠤᠨ ᠤ ᠮᠡᠷᠭᠡᠨ ᠢᠶᠠᠷ ᠵᠡᠭᠡᠷ᠎ᠡ ᠭᠥᠷᠥᠭᠡᠰᠦ ᠪᠠᠷᠢᠵᠤ ᠪᠠᠶᠢᠭ᠎ᠠ ᠦᠭᠡᠢ ᠬᠠᠷᠢᠨ ᠬᠠᠨ ᠳᠡᠯᠡᠬᠡᠢ ᠶᠢᠨ ᠢᠪᠡᠭᠡᠯ ᠢᠶᠠᠷ ᠬᠠᠪᠬᠠᠨ ᠳᠤ ᠮᠢᠨᠢ ᠣᠭᠤᠨᠣ ᠰᠢᠷᠠᠭᠴᠢᠨ ᠣᠷᠣᠳᠠᠭ ᠶᠤᠮ᠃ ᠠᠩ ᠭᠥᠷᠥᠭᠡᠨ ᠳᠤ ᠶᠠᠪᠤᠬᠤ᠂ ᠬᠠᠪᠬ᠎ᠠ ᠡᠷᠭᠢᠬᠦ᠂ ᠡᠷᠢᠯ ᠳᠤ ᠶᠠᠪᠤᠬᠤ ᠳᠤ ᠬᠤᠯᠠᠨ ᠵᠢᠷᠤᠭ᠎ᠠ ᠣᠷᠪᠣᠭ ᠪᠤᠲᠠᠨ ᠤ ᠣᠷᠣᠢ ᠳᠤ ᠰᠠᠭᠤᠨ᠂ ᠢᠯᠡ ᠪᠠᠷ᠎ᠠ ᠲᠠᠢ ᠭᠠᠵᠠᠷ ᠵᠢᠷᠭᠢᠵᠦ ᠪᠠᠶᠢᠪᠠᠯ ᠭᠠᠨᠵᠤᠭ᠎ᠠ ᠲᠣᠰᠣᠳᠠᠵᠤ ᠡᠷᠢᠯ ᠣᠯᠳᠠᠨ᠎ᠠ᠃ ᠬᠤᠯᠠᠨ ᠵᠢᠷᠤᠭ᠎ᠠ ᠣᠷᠪᠣᠭ ᠪᠤᠲᠠᠨ ᠤ ᠴᠠᠭᠠᠭᠤᠷ ᠨᠢᠭᠤᠭᠳᠠᠨ ᠮᠠᠭᠤᠬᠠᠢ ᠲᠠᠭᠤ ᠪᠠᠷ ᠵᠢᠷᠭᠢᠵᠦ ᠪᠠᠶᠢᠪᠠᠯ ᠬᠠᠪᠬᠠᠨ ᠳᠤ ᠶᠠᠭᠤᠮ᠎ᠠ ᠣᠷᠣᠳᠠᠭ ᠦᠭᠡᠢ᠂ ᠠᠶᠠᠭᠦᠢ ᠪᠣᠯ ᠬᠠᠪᠬᠠᠨ ᠳᠤ ᠣᠷᠣᠭᠰᠠᠨ ᠵᠡᠭᠡᠷ᠎ᠡ ᠬᠤᠯᠠᠨ ᠲᠠᠰᠤᠷᠠᠭᠠᠳ ᠶᠠᠪᠤᠭᠰᠠᠨ ᠴᠦ ᠪᠠᠶᠢᠵᠤ ᠮᠡᠳᠡᠬᠦ ᠶᠤᠮ᠃ ᠶᠠᠭᠤ ᠴᠦ ᠭᠡᠰᠡᠨ ᠠᠵᠢᠯ ᠦᠢᠯᠡ ᠪᠦᠳᠦᠮᠵᠢ ᠮᠠᠭᠤᠲᠠᠢ ᠪᠠᠶᠢᠳᠠᠭ᠃ ᠬᠤᠯᠠᠨ ᠵᠢᠷᠤᠭ᠎ᠠ ᠶᠢᠨ ᠮᠡᠷᠭᠡᠨ ᠨᠢ ᠦᠨᠡᠨ ᠴᠦ ᠠᠪᠤ ᠨᠢ ᠬᠠᠷᠢᠨ ᠪᠡᠶ᠎ᠡ ᠪᠠᠨ ᠬᠠᠭᠤᠷᠤᠭᠰᠠᠨ ᠮᠡᠷᠭᠡᠴᠢ ᠰᠢᠤ︕︾ ᠭᠡᠳ ᠢᠨᠢᠶᠡᠪᠡ᠃      ᠶᠠᠭᠠᠬᠢᠭᠠᠳ ᠳᠤ ᠴᠦ ᠶᠤᠮ᠃ ᠪᠢ ᠠᠪᠤ ᠪᠠᠨ ᠪᠡᠶ᠎ᠡ ᠪᠠᠨ ᠬᠠᠭᠤᠷᠤᠭᠰᠠᠨ ᠮᠡᠷᠭᠡᠴᠢ ᠭᠡᠵᠦ ᠶᠡᠷᠦ ᠪᠤᠳᠤᠳᠠᠭ ᠦᠭᠡᠢ᠃ ᠪᠢᠳᠠᠨ ᠢ ᠪᠠᠭ᠎ᠠ ᠳᠤ ᠫᠤᠤ ᠰᠤᠮᠤ ᠪᠠᠶᠢᠭᠰᠠᠨ ᠪᠢᠰᠢ᠃ ᠠᠪᠤ ᠬᠠᠪᠬ᠎ᠠ ᠪᠠᠷ ᠭᠥᠷᠥᠭᠡᠯᠡᠨ᠎ᠡ᠃ ᠴᠠᠰᠤᠨ ᠤ ᠳᠠᠬᠤ᠂ ᠨᠠᠭᠤᠷ ᠵᠠᠳᠠᠭᠠᠢ ᠶᠢᠨ ᠭᠦᠪᠡᠭᠡ᠂ ᠣᠭᠤᠨᠣ ᠶᠢᠨ ᠪᠠᠭᠠᠳᠠᠯ ᠳᠠᠭᠠᠭᠤᠯᠵᠤ ᠬᠠᠪᠬ᠎ᠠ ᠪᠤᠯᠠᠨ᠂ ᠶᠢᠰᠦᠨ ᠵᠣᠭᠤᠰ ᠤᠷᠭᠢᠵᠤ ᠬᠠᠪᠬ᠎ᠠ ᠪᠠᠨ ᠡᠷᠭᠢᠨ᠎ᠡ᠃ ᠠᠪᠤ ᠵᠣᠭᠤᠰ ᠢᠶᠠᠨ ᠰᠢᠪᠰᠢᠨ ᠭᠡᠳᠦ ᠲᠠᠭᠢᠨ ᠤᠷᠭᠢᠭᠠᠳ ᠭᠡᠷ ᠭᠠᠳᠠᠨ᠎ᠠ ᠶᠢᠨ ᠠᠵᠢᠯ ᠳᠠᠭᠠᠨ ᠶᠠᠭᠠᠷᠠᠵᠤ ᠪᠠᠶᠢᠪᠠᠯ ᠬᠠᠪᠬᠠᠨ ᠳᠤᠨᠢ ᠶᠠᠭᠤᠮ᠎ᠠ ᠣᠷᠤᠭ᠎ᠠ ᠦᠭᠡᠢ᠃ ᠬᠠᠷᠢᠨ ᠮᠣᠷᠳᠠᠭᠠᠳ ᠶᠠᠪᠤᠪᠠᠯ ᠭᠠᠨᠵᠤᠭ᠎ᠠ ᠬᠤᠭᠤᠰᠤᠨ ᠢᠷᠡᠵᠦ ᠪᠠᠶᠢᠭ᠎ᠠ ᠦᠭᠡᠢ ᠶᠤᠮ ᠳ᠋ᠠᠭ᠃      ᠨᠤᠲᠤᠭ ᠤᠨ ᠢᠶᠠᠨ ᠪᠣᠷᠣ ᠪᠣᠷᠣᠬᠠᠨ ᠬᠤᠯᠠᠨ ᠵᠢᠷᠤᠭ᠎ᠠ ᠳᠠᠭᠠᠨ ᠬᠠᠶᠢᠷᠠᠲᠠᠢ ᠯᠠ ᠳ᠋ᠠ᠂ ᠪᠢ︕
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号