ᠰᠢᠨ᠎ᠡ ᠶᠢᠨ ᠨᠢᠭᠡᠨ ᠳᠤ ᠮᠥᠷ ᠭᠠᠷᠭᠠᠬᠤ ᠶᠣᠰᠣᠨ
ᠨᠡᠶᠢᠲᠡᠯᠡᠭᠰᠡᠨ ᠴᠠᠭ᠄
2023/3/13
     ᠮᠣᠩᠭᠤᠯᠴᠤᠳ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠥᠷᠯᠥᠭᠡ ᠡᠷᠲᠡ ᠪᠣᠰᠴᠤ᠂ ᠰᠠᠩ ᠤᠨ ᠶᠡᠨᠳᠡᠷ ᠤᠨ ᠳᠡᠷᠭᠡᠳᠡ ᠵᠩᠡ ᠭᠠᠯ ᠨᠣᠴᠣᠭᠠᠨ ᠰᠢᠨᠡᠯᠡᠬᠦ ᠶᠣᠰᠣ ᠪᠠᠨ ᠭᠦᠢᠴᠡᠳᠬᠡᠭᠡᠳ ᠭᠡᠷ ᠲᠡᠭᠡᠨ ᠣᠷᠣᠵᠤ᠂ ᠠᠪᠤ ᠡᠵᠢ᠂ ᠠᠬᠠᠰ ᠵᠠᠬᠠᠰ ᠲᠠᠢ ᠪᠠᠨ ᠰᠢᠨᠡᠯᠡᠵᠤ ᠪᠠᠷᠠᠭᠰᠠᠨ ᠤ ᠲᠠᠷᠠᠭ᠎ᠠ ᠰᠢᠨ᠎ᠡ ᠵᠢᠯ ᠳᠤ ᠠᠩᠬ᠎ᠠ ᠤᠳᠠᠭ᠎ᠠ ᠮᠥᠷ ᠭᠠᠷᠭᠠᠵᠤ ᠨᠢᠭᠡ ᠵᠢᠯ ᠤᠨ ᠣᠯᠵᠠ ᠣᠮᠤᠭ᠂ ᠮᠠᠯ ᠰᠥᠷᠥᠭ ᠤᠨ ᠥᠭᠡᠳᠡ ᠡᠰᠡᠷᠡᠭ ᠢ ᠵᠥᠩᠨᠡᠨ ᠪᠡᠯᠭᠡᠳᠡᠳᠡᠭ ᠪᠢᠯᠡ᠃        ᠮᠥᠷ ᠭᠠᠷᠭᠠᠬᠤ ᠨᠢ ᠰᠢᠨ᠎ᠡ ᠨᠢᠭᠡᠨ ᠵᠢᠯ ᠳᠡᠭᠡᠨ ᠬᠡᠢ ᠮᠣᠷᠢ ᠲᠠᠢ᠂ ᠪᠤᠶᠠᠨ ᠬᠡᠰᠢᠭ ᠳᠡᠯᠭᠡᠷᠡᠵᠦ᠂ ᠠᠯᠢᠪᠠ ᠪᠥᠭᠦᠨ ᠰᠠᠶᠢᠨ ᠰᠠᠶᠢᠬᠠᠨ ᠪᠠᠶᠢᠬᠤ ᠶᠢ ᠵᠥᠩᠨᠡᠨ ᠪᠡᠯᠭᠡᠰᠢᠶᠡᠭᠰᠡᠨ ᠶᠠᠪᠤᠳᠠᠯ ᠪᠤᠯᠬᠤ ᠶᠤᠮ᠃ ᠪᠢᠴᠢᠭ ᠮᠠᠲ᠋ᠧᠷᠢᠶᠠᠯ ᠢ ᠦᠨᠳᠦᠰᠦᠯᠡᠪᠡᠯ᠂ ᠮᠥᠷ ᠭᠠᠷᠭᠠᠬᠤ ᠬᠡᠳᠡᠭ ᠨᠢ ᠳᠠᠷᠤᠢ ᠨᠠᠢᠮᠠᠨ ᠰᠠᠭᠤᠳᠠᠯ ᠢᠶᠠᠷ ᠲᠣᠭᠠᠯᠠᠵᠤ ᠰᠠᠶᠢᠨ ᠴᠠᠭ᠂ ᠰᠠᠶᠢᠨ ᠵᠦᠭ ᠲᠤ ᠮᠣᠷᠢ ᠲᠡᠮᠡᠭᠡ ᠪᠠᠨ ᠤᠨᠤᠵᠤ ᠮᠣᠷᠳᠠᠨ ᠭᠠᠷᠤᠭᠠᠳ ᠭᠠᠵᠠᠷ ᠤᠨ ᠥᠨᠳᠥᠷ ᠳᠡᠭᠡᠷ᠎ᠡ ᠭᠠᠷᠴᠤ ᠰᠠᠩ ᠲᠠᠯᠪᠢᠵᠤ ᠬᠡᠢ ᠮᠣᠷᠢ ᠬᠡᠶᠢᠰᠬᠡᠨ ᠮᠥᠷᠭᠦᠭᠡᠳ ᠰᠠᠶᠢᠨ ᠵᠦᠭ ᠠᠴᠠ ᠪᠠᠨ ᠬᠠᠷᠢᠵᠤ ᠢᠷᠡᠬᠦ ᠶᠢ ᠶᠠᠷᠢᠵᠤ ᠪᠠᠶᠢᠨ᠎ᠠ᠃ ᠨᠡᠶᠢᠮᠠᠨ ᠰᠠᠭᠤᠳᠠᠯ ᠬᠡᠳᠡᠭ ᠨᠢ ᠭᠠᠯ᠂ ᠰᠢᠷᠣᠢ᠂ ᠲᠡᠮᠦᠷ᠂ ᠣᠭᠲᠠᠷᠭᠤᠢ᠂ ᠤᠰᠤ᠂ ᠠᠭᠤᠯᠠ᠂ ᠮᠣᠳᠣ᠂ ᠬᠡᠢ ᠵᠡᠷᠭᠡ ᠨᠡᠶᠢᠮᠠᠨ ᠵᠦᠢᠯ ᠤᠨ ᠰᠠᠭᠤᠳᠠᠯ ᠢ ᠶᠠᠷᠢᠵᠤ ᠪᠤᠢ᠃ ᠰᠠᠶᠢᠨ ᠵᠦᠭ ᠬᠡᠳᠡᠭ ᠨᠢ ᠪᠤᠶᠠᠨ ᠬᠡᠰᠢᠭ᠂ ᠴᠤᠭ ᠵᠠᠯᠢ᠂ ᠠᠮᠢᠨ ᠥᠯᠵᠡᠢ᠂ ᠡᠮ ᠡᠨᠡ ᠳᠥᠷᠪᠡ ᠶᠢ ᠰᠠᠶᠢᠨ ᠵᠦᠭ ᠭᠡᠨ᠎ᠡ᠃ ᠮᠠᠭᠤ ᠵᠦᠭ ᠬᠡᠳᠡᠭ ᠨᠢ ᠬᠤᠣᠷ ᠠᠳᠠ᠂ ᠲᠠᠪᠤᠨ ᠡᠯᠢᠶ᠎ᠡ᠂ ᠪᠡᠶ᠎ᠡ ᠵᠡᠳᠬᠡᠷ᠂ ᠰᠢᠯᠮᠤ ᠶᠢ ᠲᠥᠷᠪᠡᠨ ᠮᠠᠭᠤ ᠵᠦᠭ ᠭᠡᠵᠦ ᠴᠤᠭ ᠵᠠᠯᠢ ᠪᠤᠶᠤ ᠠᠮᠢᠨ ᠥᠯᠵᠡᠢ ᠵᠦᠭ ᠲᠤ ᠭᠠᠷᠤᠭᠠᠳ ᠪᠤᠶᠠᠨ ᠬᠡᠰᠢᠭ ᠤᠨ ᠵᠦᠭ ᠠᠴᠠ ᠬᠠᠷᠢᠵᠤ ᠢᠷᠡᠪᠡᠯ ᠰᠠᠶᠢᠨ ᠭᠡᠰᠡᠨ ᠵᠥᠩᠨᠡᠯ ᠪᠡᠯᠭᠡᠳᠡᠯ ᠢ ᠶᠠᠷᠢᠵᠤ ᠪᠠᠶᠢᠭ᠎ᠠ ᠶᠤᠮ᠃        ᠮᠣᠩᠭᠤᠯᠴᠤᠳ ᠵᠢᠯ ᠴᠠᠭᠠᠨ ᠰᠠᠷ᠎ᠠ ᠪᠣᠯᠣᠭᠰᠠᠭᠠᠷ ᠰᠢᠨᠡᠯᠡᠬᠦ ᠪᠡᠯᠡᠳᠬᠡᠯ ᠢᠶᠠᠨ ᠱᠠᠯᠠᠪᠳᠠᠨ ᠬᠢᠳᠡᠭ᠃ ᠡᠭᠦᠨ ᠳᠤ ᠰᠢᠨᠡᠯᠡᠬᠦ ᠰᠠᠶᠢᠨ ᠴᠠᠭ᠂ ᠮᠥᠷ ᠭᠠᠷᠭᠠᠬᠤ ᠰᠠᠶᠢᠨ ᠵᠦᠭ ᠥᠵᠡᠭᠦᠯᠭᠦ ᠪᠣᠯ ᠪᠠᠰᠠ ᠨᠢᠭᠡᠨ ᠲᠤᠲᠠᠭᠳᠠᠵᠤ ᠪᠣᠯᠣᠰᠢ ᠦᠭᠡᠢ ᠠᠵᠢᠯ ᠶᠤᠮ᠃ ᠮᠥᠷ ᠭᠠᠷᠭᠠᠬᠤ ᠰᠠᠶᠢᠨ ᠵᠦᠭ ᠥᠵᠡᠭᠦᠯᠭᠦ ᠳᠤ ᠣᠯᠠᠩᠬᠢ ᠳᠠᠭᠠᠨ ᠡᠷᠳᠡᠮ ᠴᠢᠳᠠᠪᠤᠷᠢ ᠶᠡᠬᠡᠲᠡᠢ ᠯᠠᠮ᠎ᠠ ᠬᠥᠮᠥᠨ ᠢᠶᠠᠷ ᠰᠠᠭᠤᠳᠠᠯ ᠲᠣᠭᠠᠯᠠᠭᠤᠯᠵᠤ᠂ ᠪᠥᠭᠦ ᠭᠡᠷ ᠤᠨ ᠠᠮᠠ ᠪᠦᠯᠢ ᠨᠢᠭᠡᠪᠦᠷᠢ ᠶᠢᠨ ᠰᠢᠨ᠎ᠡ ᠶᠢᠨ ᠨᠢᠭᠡᠨ ᠳᠤ ᠮᠥᠷ ᠭᠠᠷᠭᠠᠬᠤ ᠰᠠᠶᠢᠨ ᠵᠦᠭ ᠢ ᠮᠡᠳᠡᠵᠤ ᠠᠪᠤᠭᠰᠠᠨ ᠤ ᠲᠠᠷᠠᠭ᠎ᠠ ᠰᠢᠨ᠎ᠡ ᠶᠢᠨ ᠨᠢᠭᠡᠨ ᠳᠤ ᠲᠡᠷᠡᠬᠦ ᠦᠵᠡᠭᠦᠯᠦᠭᠰᠡᠨ ᠶᠣᠰᠣ ᠪᠠᠷ ᠮᠥᠷ ᠭᠠᠷᠭᠠᠳᠠᠭ ᠪᠠᠶᠢᠨ᠎ᠠ᠃ ᠰᠢᠨ᠎ᠡ ᠶᠢᠨ ᠨᠢᠭᠡᠨ ᠳᠤ ᠰᠢᠨᠡᠯᠡᠵᠤ ᠪᠠᠷᠠᠭᠰᠠᠨ ᠤ ᠲᠠᠷᠠᠭ᠎ᠠ ᠭᠡᠶᠢᠴᠢᠨ ᠵᠣᠴᠢᠨ ᠢᠷᠡᠬᠦ ᠠᠴᠠ ᠡᠮᠦᠨ᠎ᠡ ᠰᠢᠨ᠎ᠡ ᠲᠡᠪᠡᠯ ᠬᠤᠪᠴᠠᠰᠤ ᠪᠠᠨ ᠡᠮᠦᠰᠦᠭᠡᠳ ᠬᠤᠲᠠᠨ ᠳᠣᠲᠣᠷᠠᠬᠢ ᠲᠠᠷᠭᠤ ᠬᠦᠴᠦ ᠰᠠᠶᠢᠲᠠᠢ ᠠᠳᠤᠭᠤ ᠲᠡᠮᠡᠭᠡ ᠪᠠᠨ ᠤᠨᠤᠵᠤ ᠬᠡᠢ ᠮᠣᠷᠢ ᠶᠢᠨ ᠵᠦᠭ ᠲᠤ ᠭᠠᠵᠠᠷ ᠤᠨ ᠥᠨᠳᠥᠷ ᠢ ᠰᠣᠩᠭᠤᠵᠤ᠂ ᠰᠠᠩ ᠲᠠᠯᠪᠢᠵᠤ ᠠᠷᠴᠠ ᠬᠦᠵᠢ ᠤᠭᠤᠭᠢᠭᠤᠯᠤᠨ ᠬᠡᠢ ᠮᠣᠷᠢ ᠪᠠᠨ ᠮᠠᠨᠳᠤᠭᠤᠯᠤᠭᠰᠠᠨ ᠤ ᠲᠠᠷᠠᠭ᠎ᠠ ᠬᠡᠰᠢᠭ ᠪᠤᠶᠠᠨ ᠤ ᠵᠦᠭ ᠠᠴᠠ ᠬᠠᠷᠢᠵᠤ ᠢᠷᠡᠳᠡᠭ ᠶᠣᠰᠣ ᠲᠠᠢ᠃ ᠡᠨᠡ ᠨᠢ ᠭᠤᠣᠯᠳᠠᠭᠤ ᠵᠢᠯ ᠤᠨ ᠡᠬᠢᠨ ᠤ ᠡᠳᠦᠷ ᠰᠠᠶᠢᠨ ᠵᠦᠭ ᠲᠤ ᠮᠥᠷ ᠭᠠᠷᠭᠠᠵᠤ᠂ ᠪᠥᠭᠦ ᠵᠢᠯ ᠤᠨ ᠬᠡᠢ ᠮᠣᠷᠢ᠂ ᠬᠡᠰᠢᠭ ᠪᠤᠶᠠᠨ ᠡᠨᠡᠬᠦ ᠮᠥᠷ ᠢᠶᠠᠷ ᠮᠠᠨᠳᠤᠵᠤ᠂ ᠳᠡᠯᠭᠡᠷᠡᠬᠦ ᠪᠣᠯᠲᠤᠭᠠᠢ ᠭᠡᠰᠡᠨ ᠪᠡᠯᠭᠡᠳᠡᠯ ᠤᠨ ᠰᠠᠨᠠᠭ᠎ᠠ ᠲᠠᠢ ᠶᠤᠮ᠃ ᠬᠡᠷᠪᠡ ᠮᠥᠷ ᠭᠠᠷᠭᠠᠬᠤ ᠵᠦᠭ ᠢᠶᠠᠨ ᠦᠵᠡᠭᠦᠯᠦᠭᠡᠳ ᠬᠠᠨᠢ ᠨᠥᠬᠦᠷ ᠬᠤᠭᠤᠷᠣᠨᠳᠤ ᠪᠠᠨ ᠰᠠᠭᠤᠳᠠᠯ ᠨᠡᠶᠢᠯᠡᠭᠰᠡᠨ ᠪᠠᠶᠢᠪᠠᠯ ᠯᠠᠮ᠎ᠠ ᠬᠤᠸᠠᠷᠠᠭ ᠵᠠᠯᠠᠵᠤ ᠰᠠᠭᠤᠳᠠᠯ ᠰᠠᠯᠭᠠᠬᠤ ᠠᠷᠭ᠎ᠠ ᠵᠠᠰᠠᠯ ᠬᠢᠳᠡᠭ᠃ ᠠᠪᠤ ᠡᠵᠢ᠂ ᠦᠷ᠎ᠡ ᠬᠡᠦᠬᠡᠳ ᠬᠤᠭᠤᠷᠣᠨᠳᠤ ᠪᠠᠨ ᠰᠠᠭᠤᠳᠠᠯ ᠨᠡᠶᠢᠯᠡᠭᠰᠡᠨ ᠪᠣᠯ ᠰᠠᠭᠤᠳᠠᠯ ᠰᠠᠯᠭᠠᠬᠤ ᠦᠭᠡᠢ᠃ ᠪᠦᠬᠦᠯᠢ ᠠᠷᠪᠠᠨ ᠭᠤᠷᠪᠠᠨ ᠨᠠᠰᠤ ᠬᠥᠷᠤᠬᠡᠳᠤᠢ ᠬᠡᠦᠬᠡᠳ ᠬᠥᠮᠥᠨ ᠪᠣᠯ ᠬᠤᠪᠢ ᠪᠠᠷ ᠢᠶᠠᠨ ᠮᠥᠷ ᠭᠠᠷᠭᠠᠬᠤ ᠵᠦᠭ ᠥᠵᠡᠭᠦᠯᠭᠦ ᠦᠭᠡᠢ᠂ ᠡᠵᠢ ᠠᠪᠤ ᠪᠠᠨ ᠲᠠᠭᠠᠵᠤ ᠮᠥᠷ ᠭᠠᠷᠭᠠᠪᠠᠯ ᠪᠣᠯᠴᠢᠬᠠᠳᠠᠭ ᠶᠤᠮ ᠭᠡᠵᠦ ᠶᠠᠷᠢᠵᠤ ᠪᠢᠯᠡ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号