ᠲᠥᠯ ᠤᠨ ᠤᠭᠤᠲᠠ ᠮᠢᠯᠢᠶᠠᠬᠤ ᠶᠣᠰᠣᠨ
ᠨᠡᠶᠢᠲᠡᠯᠡᠭᠰᠡᠨ ᠴᠠᠭ᠄
2023/5/18
      ᠲᠥᠯ ᠤᠨ ᠤᠭᠤᠲᠠ ᠭᠡᠵᠦ ᠬᠠᠪᠤᠷ ᠲᠥᠯ ᠳᠤᠰᠬᠤ ᠦᠶᠡᠰ ᠲᠤ ᠬᠤᠷᠠᠭ᠎ᠠ ᠢᠰᠢᠭᠡ ᠪᠠᠨ ᠬᠢᠳᠡᠭ ᠤᠭᠤᠲᠠ  ᠶᠢ ᠬᠡᠯᠡᠳᠡᠭ᠃ ᠬᠠᠪᠤᠷ ᠬᠤᠨᠢ ᠬᠤᠷᠠᠭᠠᠯᠠᠵᠤ ᠡᠬᠢᠯᠡᠬᠦ ᠳᠤ ᠬᠤᠨᠢᠴᠢᠨ ᠬᠤᠷᠠᠭᠠᠨ ᠤ ᠪᠠᠨ ᠤᠭᠤᠲᠠ ᠶᠢ ᠠᠪᠴᠤ ᠶᠠᠪᠤᠳᠠᠭ ᠶᠤᠮ᠃ ᠤᠯᠠᠨ ᠬᠤᠨᠢ ᠲᠠᠢ ᠠᠶᠢᠯ ᠬᠤᠶᠠᠷ ᠤᠭᠤᠲᠠ ᠬᠡᠷᠡᠭᠯᠡᠳᠡᠭ᠃ ᠢᠰᠡᠭᠡᠢ ᠪᠠᠷ ᠬᠢᠭᠰᠡᠨ ᠪᠣᠯᠬᠤᠷ ᠤᠭᠤᠲᠠ ᠨᠢ ᠬᠥᠩᠭᠡᠨ ᠵᠥᠭᠡᠯᠡᠨ ᠪᠠᠶᠢᠳᠠᠭ ᠮᠥᠷᠲᠡᠭᠡᠨ ᠨᠢᠯᠬ᠎ᠠ ᠬᠤᠷᠠᠭ᠎ᠠ ᠢᠰᠢᠭᠡ ᠬᠢᠬᠦ ᠳᠤ ᠬᠠᠮᠤᠭ ᠤᠨ ᠵᠣᠬᠢᠮᠵᠢ  ᠲᠠᠢ ᠶᠤᠮ᠃ ᠤᠭᠤᠲᠠ ᠳᠠᠭᠠᠨ ᠲᠡᠮᠡᠭᠡᠨ ᠤᠩᠭᠠᠰᠤ ᠪᠠᠷ ᠲᠠᠮᠤᠨ ᠣᠶᠣᠭᠰᠠᠨ ᠣᠭᠤᠰᠣᠷ ᠬᠠᠳᠠᠳᠠᠭ᠃ ᠤᠭᠤᠲᠠ ᠨᠢ ᠨᠤᠷᠤᠪᠡᠯ ᠬᠠᠳᠠᠭᠠᠳᠠᠭ᠃ ᠮᠠᠯᠴᠢᠳ ᠬᠠᠪᠤᠷ ᠳᠦᠷᠤᠬᠦᠤ ᠤᠳᠠᠭ᠎ᠠ ᠤᠭᠤᠲᠠ ᠡᠭᠦᠷᠬᠦ ᠡᠳᠦᠷ ᠤᠭᠤᠲᠠ ᠳᠠᠭᠠᠨ ᠰᠢᠬᠢᠷ ᠪᠣᠣᠪᠤ᠂ ᠥᠷᠥᠮ᠎ᠡ᠂ ᠬᠤᠷᠤᠳ᠂ ᠰᠢᠷ᠎ᠠ ᠲᠣᠰᠣ ᠵᠡᠷᠭᠡ ᠶᠢ ᠬᠢᠵᠦ ᠶᠠᠪᠤᠭᠤᠯᠳᠠᠭ ᠨᠢ ᠤᠤᠭᠠᠨ ᠲᠥᠯ ᠢᠶᠠᠨ ᠳᠤᠰᠴᠤ᠂ ︽ᠤᠭᠤᠲᠠ ᠪᠠᠨ ᠮᠢᠯᠢᠶᠠᠵᠤ︾ ᠪᠠᠶᠢᠭ᠎ᠠ ᠶᠠᠪᠤᠳᠠᠯ ᠪᠣᠯᠣᠨ᠎ᠠ᠃ ᠲᠥᠯ ᠤᠨ ᠬᠦᠭ ᠤᠨ ᠦᠶᠡᠰ ᠲᠤ ᠦᠳᠡ ᠶᠢᠨ ᠭᠤᠣᠯ ᠢᠶᠠᠷ ᠬᠤᠨᠢ ᠪᠠᠨ ᠳᠤᠰᠴᠤ ᠬᠤᠷᠠᠭ᠎ᠠ ᠶᠢ ᠨᠢ ᠠᠪᠴᠢᠷᠠᠳᠠᠭ᠃ ᠬᠤᠨᠢ ᠳᠤᠰᠬᠤ ᠳᠤ ᠬᠡᠦᠬᠡᠳ ᠪᠠᠭᠠᠴᠤᠳ ᠣᠴᠢᠨ᠎ᠠ᠃ ᠬᠡᠷᠪᠡ ᠬᠤᠶᠠᠷ ᠠᠴᠠ ᠳᠡᠭᠡᠭᠰᠢ ᠢᠬᠢᠷᠡᠯᠡᠭᠰᠡᠨ ᠲᠥᠯ ᠭᠠᠷᠪᠠᠯ ᠬᠡᠳᠦᠨ ᠬᠡᠦᠬᠡᠳ ᠢ ᠤᠷᠤᠯᠳᠤᠭᠤᠯᠤᠨ ᠭᠦᠶᠦᠯᠭᠡᠵᠦ ᠢᠬᠢᠷ᠎ᠡ ᠲᠥᠯ ᠢ ᠲᠣᠰᠣᠭᠤᠯᠤᠨ᠂ ᠲᠡᠷᠢᠭᠦᠨ᠂ ᠳᠡᠳ᠋ ᠢ ᠨᠢ ᠱᠠᠩᠨᠠᠳᠠᠭ᠃       ᠮᠠᠯ ᠲᠥᠯᠯᠡᠵᠦ ᠪᠠᠶᠢᠭ᠎ᠠ ᠦᠶᠡᠰ ᠲᠤ ᠬᠡᠦᠬᠡᠳ ᠱᠠᠭ᠎ᠠ ᠨᠠᠭᠠᠳᠬᠤ ᠶᠢ ᠶᠡᠭᠡ ᠴᠡᠭᠡᠷᠯᠡᠳᠡᠭ᠃ ᠱᠠᠭ᠎ᠠ ᠨᠠᠭᠠᠳᠪᠠᠯ ᠮᠠᠶᠢᠭ ᠲᠥᠯ ᠭᠠᠷᠤᠨ᠎ᠠ ᠭᠡᠵᠦ ᠬᠡᠯᠡᠳᠡᠭ ᠶᠤᠮ᠃ ᠮᠠᠯ ᠲᠥᠯᠯᠡᠵᠦ ᠪᠠᠶᠢᠭ᠎ᠠ ᠢᠳᠡ ᠦᠶᠡᠰ ᠲᠥᠯ ᠢᠶᠠᠨ ᠲᠣᠭᠠᠯᠠᠬᠤ ᠶᠢ ᠴᠡᠭᠡᠷᠯᠡᠨ᠎ᠡ᠃ ᠬᠤᠷᠠᠭ᠎ᠠ ᠢᠰᠢᠭᠡ ᠴᠢᠮᠬᠢᠬᠦ ᠪᠤᠶᠤ ᠢᠮᠨᠡᠬᠦ ᠦᠶᠡᠰ ᠰᠠᠶ᠋ᠢ ᠲᠣᠭᠠᠯᠠᠯᠲᠠ ᠬᠢᠳᠡᠭ᠃
 
ᠢᠷᠡᠯᠲᠡ᠄ ᠲᠦᠩᠯᠢᠶᠣᠣ ᠠᠷᠠᠳ ᠤᠨ ᠵᠠᠰᠠᠭ ᠤᠨ ᠣᠷᠳᠣᠨ ᠤ ᠡᠭᠦᠳᠡᠴᠢ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号