ᠰᠡᠳᠬᠢᠯ ᠳᠤ ᠮᠥᠩᠬᠡᠷᠡᠬᠦᠢ ᠰᠤᠶᠢᠬ᠎ᠠ ᠰᠢᠷᠠᠯᠵᠢ
ᠨᠡᠶᠢᠲᠡᠯᠡᠭᠰᠡᠨ ᠴᠠᠭ᠄
2023/6/21
     ᠪᠠᠭ᠎ᠠ ᠨᠠᠰᠤᠨ ᠳᠤ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ ᠡᠳᠦᠷ ᠢᠷᠡᠬᠦ ᠳᠤ ᠴᠣᠬᠤᠮ ᠪᠥᠭᠡᠮ ᠪᠠᠶᠠᠷ ᠪᠤᠯᠳᠠᠭ ᠪᠠᠶᠢᠯ᠎ᠠ᠃ ᠡᠵᠢ ᠭᠡᠷ ᠤᠨ ᠠᠷᠤ ᠶᠢᠨ ᠪᠢᠴᠢᠬᠠᠨ ᠳᠤᠪᠤ ᠶᠢᠨ ᠡᠩᠭᠡᠷ ᠠᠴᠠ ᠰᠤᠶᠢᠬ᠎ᠠ ᠰᠢᠷᠠᠯᠵᠢ ᠲᠡᠭᠦᠵᠦ ᠠᠪᠴᠢᠷᠠᠭᠠᠳ ᠴᠣᠩᠬᠤᠨ ᠲᠠᠶᠢᠵᠠᠨ ᠳᠡᠭᠡᠷ᠎ᠡ᠂ ᠡᠭᠦᠳᠡᠨ ᠬᠠᠵᠠᠭᠤ ᠶᠢᠨ ᠬᠤᠸᠠ ᠴᠣᠩᠬᠤᠨ ᠤ ᠲᠠᠶᠢᠵᠠᠨ ᠳᠡᠭᠡᠷ᠎ᠡ᠂ ᠰᠠᠷᠠᠪᠴᠢᠨ ᠳᠡᠭᠡᠷ᠎ᠡ ᠪᠦᠷ ᠡᠯᠭᠦᠵᠦ᠂ ᠰᠢᠷᠠᠯᠵᠢ ᠶᠢᠨ ᠨᠠᠪᠴᠢ ᠶᠢ ᠲᠠᠰᠤᠳᠠᠨ ᠠᠪᠤᠭᠠᠳ ᠪᠥᠭᠡᠮᠨᠡᠵᠦ ᠮᠠᠨᠤᠰ ᠤᠨ ᠬᠠᠮᠠᠷ ᠪᠤᠶᠤ ᠴᠢᠬᠢᠨ ᠳᠤ ᠬᠢᠵᠦ ᠦᠭᠳᠡᠭ᠃ ᠰᠤᠶᠢᠬ᠎ᠠ ᠰᠢᠷᠠᠯᠵᠢ ᠡᠮ ᠳᠤ ᠣᠷᠣᠳᠠᠭ ᠲᠤᠯᠠ ᠢᠩᠭᠢᠵᠦ ᠪᠠᠶᠢᠭ᠎ᠠ ᠨᠢ ᠡᠷᠡᠭᠦᠯ ᠮᠡᠨᠳᠦ ᠶᠠᠪᠤᠬᠤ ᠪᠣᠯᠲᠤᠭᠠᠢ ᠭᠡᠰᠡᠨ ᠤᠴᠢᠷ ᠪᠡᠯᠭᠡ ᠯᠡ ᠪᠢᠵᠡ᠃ ᠬᠠᠶᠠ ᠵᠠᠷᠢᠮ ᠳᠠᠭᠠᠨ ᠪᠢᠳᠡ ᠪᠠᠰᠠ ᠡᠷᠲᠡᠯᠡᠨ ᠪᠣᠰᠣᠭᠠᠳ ᠡᠵᠢ ᠪᠠᠨ ᠲᠠᠭᠠᠵᠦ ᠰᠤᠶᠢᠬ᠎ᠠ ᠡᠪᠡᠰᠦ ᠲᠡᠭᠦᠨ᠎ᠡ᠃ ᠬᠡᠯᠡᠵᠦ ᠥᠭᠴᠦ ᠪᠠᠶᠢᠬᠤ ᠳᠤ ᠮᠡᠳᠡᠬᠦ ᠦᠭᠡᠢ ᠪᠠᠷ ᠪᠤᠷᠤᠭᠤ ᠡᠪᠡᠰᠦ ᠶᠢ ᠦᠭᠲᠡᠭᠡᠴᠢᠬᠡᠳᠡᠭ ᠴᠤ ᠪᠠᠶᠢᠭᠰᠠᠨ ᠳ᠋ᠠ᠃ ᠮᠢᠨᠤ ᠨᠠᠭ᠎ᠠ ᠡᠪᠦᠭᠡ ᠪᠣᠯ ᠨᠤᠲᠤᠭ ᠤᠨ ᠡᠮᠴᠢ ᠶᠤᠮ᠂ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠪᠣᠯᠬᠤᠯᠠᠷ ᠬᠡᠳᠦᠨ ᠱᠠᠪᠢ ᠪᠠᠨ ᠳᠠᠭᠠᠭᠤᠯᠵᠤ ᠰᠤᠶᠢᠬ᠎ᠠ ᠰᠢᠷᠠᠯᠵᠢ ᠲᠡᠭᠦᠵᠦ ᠰᠡᠭᠦᠳᠡᠷ ᠭᠠᠵᠠᠷ ᠬᠠᠳᠠᠭᠠᠳᠠᠭ᠃ ᠡᠨᠡ ᠡᠳᠦᠷ ᠲᠡᠭᠦᠭᠰᠡᠨ ᠰᠢᠷᠠᠯᠵᠢ ᠶᠢᠨ ᠡᠮ ᠤᠨ ᠢᠳᠡ ᠨᠢ ᠰᠠᠶᠢᠨ ᠭᠡᠳᠡᠭ᠃ ᠪᠠᠰᠠ ᠵᠠᠷᠢᠮ ᠠᠶᠢᠯ ᠨᠢ ᠬᠡᠳᠦᠨ ᠪᠣᠭᠤᠵᠢ ᠰᠤᠶᠢᠬ᠎ᠠ ᠰᠢᠷᠠᠯᠵᠢ ᠲᠡᠭᠦᠵᠦ ᠭᠤᠷᠮᠤᠰᠤᠨ ᠡᠷᠴᠢᠮ ᠢᠶᠠᠷ ᠬᠡᠳᠦᠨ ᠵᠠᠩ ᠤᠷᠲᠦ ᠭᠦᠷᠦᠵᠦ᠂ ᠰᠡᠭᠦᠳᠡᠷ ᠭᠠᠵᠠᠷ ᠬᠠᠳᠠᠭᠠᠵᠦ ᠠᠪᠤᠭᠠᠳ ᠭᠡᠷ ᠲᠡᠭᠡᠨ ᠠᠷᠴᠠ ᠬᠦᠵᠢ ᠶᠢᠨ ᠣᠷᠣᠨ ᠳᠤ ᠰᠢᠲᠠᠭᠠᠵᠤ ᠵᠠᠷᠤᠳᠠᠭ᠃ ᠲᠡᠷᠡ ᠦᠶᠡᠰ ᠴᠦᠢᠳᠡᠩ ᠬᠤᠪᠣᠷ ᠪᠣᠯᠬᠤᠷ ᠡᠳᠦᠷ ᠤᠨ ᠭᠤᠷᠪᠠᠨ ᠴᠠᠭ ᠤᠨ ᠬᠤᠭᠤᠯᠨ ᠪᠤᠳᠠᠭ᠎ᠠ ᠶᠢᠨ ᠭᠠᠯ ᠢᠶᠠᠨ ᠲᠠᠮᠤᠭᠰᠠᠨ ᠰᠢᠷᠠᠯᠵᠢ ᠪᠠᠷ ᠢᠶᠠᠨ ᠵᠣᠯᠭᠠᠭᠤᠯᠳᠠᠭ ᠴᠤ ᠪᠠᠶᠢᠭᠰᠠᠨ ᠶᠤᠮ᠃ ᠲᠠᠮᠠᠬᠢ ᠲᠠᠲᠠᠳᠠᠭ ᠨᠠᠰᠤᠲᠠᠳ ᠮᠥᠨ ᠲᠡᠭᠦᠨ ᠠᠴᠠ ᠭᠠᠩᠰᠠ ᠲᠠᠮᠠᠬᠢ ᠪᠠᠨ ᠨᠣᠴᠣᠭᠠᠳᠠᠭ᠃ ᠪᠠᠰᠠ ᠨᠢᠭᠡ ᠵᠢᠯ ᠨᠢ ᠠᠶᠢᠯ ᠬᠤᠲᠠᠯᠠᠭᠠᠷ ᠢᠶᠠᠨ ᠱᠤᠤᠭᠢᠯᠳᠤᠵᠤ᠄ ︽ᠡᠨᠡ ᠵᠢᠯ ᠤᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠳᠤ ᠤᠳᠤᠭ᠎ᠠ ᠭᠠᠷᠭᠠᠵᠤ ᠪᠤᠯᠬᠤ ᠦᠭᠡᠢ ᠭᠡᠨ᠎ᠡ︾ ᠭᠡᠵᠦ ᠦᠢᠮᠡᠯᠴᠡᠭᠡᠳ᠂ ᠲᠠᠮᠠᠬᠢ ᠲᠠᠲᠠᠳᠠᠭ ᠤᠯᠤᠰ ᠠᠷᠭ᠎ᠠ ᠪᠠᠨ ᠪᠠᠷᠠᠵᠤ᠂ ᠰᠠᠩ ᠤᠨ ᠭᠡᠷ ᠮᠠᠯ ᠤᠨ ᠬᠤᠷᠣᠭᠠᠨ ᠳᠠᠭᠠᠨ ᠨᠢᠭᠤᠵᠤ ᠲᠠᠲᠠᠵᠤ ᠪᠠᠶᠢᠭᠠᠳ ᠡᠮᠡᠰ ᠥᠬᠢᠳ ᠲᠡᠭᠡᠨ ᠰᠡᠷᠡᠭᠳᠡᠵᠦ ᠪᠥᠭᠡᠮ ᠴᠤᠤᠭᠢᠶᠠᠨ ᠪᠣᠯᠤᠭᠰᠠᠨ ᠢ ᠴᠤ ᠴᠡᠭᠡᠵᠢᠯᠡᠵᠦ ᠪᠠᠶᠢᠨ᠎ᠠ᠃      ᠮᠠᠨ ᠤ ᠨᠤᠲᠤᠭ ᠲᠤ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠳᠤ ᠡᠷᠲᠡ ᠪᠣᠰᠴᠤ ︽ᠳᠡᠭᠦᠵᠢᠩ ᠤᠰᠤ︾ ᠤᠤᠭᠤᠨ᠎ᠠ᠃ ᠠᠪᠤ ᠠᠶᠢᠯ ᠤᠨ ᠬᠤᠳᠳᠤᠭ ᠠᠴᠠ ᠰᠠᠭᠤᠯᠠᠭ᠎ᠠ ᠪᠠᠷ ᠤᠰᠤ ᠳᠠᠮᠨᠠᠵᠤ ᠠᠪᠴᠢᠷᠠᠭᠠᠳ ᠭᠠᠵᠠᠷ ᠲᠤ ᠬᠦᠷᠭᠡᠯ ᠦᠭᠡᠢ ᠪᠠᠷ ᠳᠡᠭᠦᠵᠢᠯᠡᠵᠦ ᠪᠠᠶᠢᠭᠠᠳ ᠪᠢᠳᠡᠨ ᠳᠤ ᠶᠠᠩᠭᠢᠨᠠᠮ᠎ᠠ ᠬᠦᠢᠲᠡᠨ ᠤᠰᠤ ᠤᠤᠭᠤᠯᠭᠠᠳᠠᠭ᠃ ᠲᠡᠭᠡᠭᠡᠳ ︽ᠳᠡᠭᠦᠵᠢᠩ ᠤᠰᠤ︾ ᠤᠤᠭᠤᠪᠠᠯ ᠵᠢᠯ ᠲᠤᠵᠢ ᠡᠪᠡᠳᠴᠢᠨ ᠲᠠᠬᠤᠯ ᠭᠦᠷᠳᠡᠭ ᠦᠭᠡᠢ ᠭᠡᠵᠦ ᠬᠡᠯᠡᠳᠡᠭ ᠶᠤᠮ᠃ ᠪᠢᠳᠡ ᠨᠢᠭᠤᠷ ᠭᠠᠷ ᠢᠶᠠᠨ ᠤᠬᠢᠶᠠᠵᠤ᠂ ᠡᠷᠲᠡ ᠶᠢᠨ ᠪᠤᠳᠠᠭ᠎ᠠ ᠪᠠᠨ ᠢᠳᠡᠵᠦ ᠪᠠᠷᠠᠭᠰᠠᠨ ᠤ ᠲᠠᠷᠠᠭ᠎ᠠ ᠬᠤᠪᠢᠶᠠᠵᠤ ᠣᠯᠣᠭᠰᠠᠨ ᠭᠤᠷᠪᠠ ᠲᠠᠪᠤᠨ ᠲᠠᠬᠢᠶᠠᠨ ᠥᠨᠳᠡᠭᠡ ᠪᠠᠨ ᠡᠪᠦᠷᠲᠦᠯᠡᠭᠡᠳ ᠯᠡ ᠠᠶᠢᠯ ᠤᠨ ᠠᠷᠤ ᠶᠢᠨ ᠱᠣᠷᠣᠩ ᠠᠭᠤᠯᠠᠨ ᠳᠤ ᠮᠠᠴᠤᠬᠤ ᠪᠠᠷ ᠶᠠᠪᠤᠨ᠎ᠠ᠃ ᠪᠠᠭ᠎ᠠ ᠪᠠᠶᠢᠭᠰᠠᠨ ᠤ ᠴᠤ ᠪᠣᠯᠪᠠᠤ ᠳ᠋ᠠ᠂ ᠲᠡᠷᠡ ᠦᠶ᠎ᠡ ᠳᠤ ᠱᠣᠷᠣᠩ ᠠᠭᠤᠯᠠ ᠬᠡᠴᠢᠨᠡᠨ ᠥᠨᠳᠥᠷ᠂ ᠬᠡᠴᠢᠨᠡᠨ ᠪᠡᠷᠬᠡ ᠪᠠᠷᠲᠠᠭ᠎ᠠ ᠲᠠᠢ ᠰᠠᠨᠠᠭᠳᠠᠵᠤ ᠪᠠᠶᠢᠭᠰᠠᠨ ᠢ ᠪᠤᠤ ᠮᠡᠳᠡ᠃ ᠠᠷᠠᠢ ᠴᠢᠷᠠᠢ ᠠᠭᠤᠯᠠᠨ ᠣᠷᠣᠢ ᠳᠡᠭᠡᠷ᠎ᠡ ᠨᠢ ᠭᠠᠷᠬᠤ ᠳᠤ ᠪᠦᠭᠦ ᠪᠡᠶ᠎ᠡ ᠬᠥᠯᠥᠰᠦᠨ ᠳᠡᠭᠡᠨ ᠳᠡᠪᠲᠦᠴᠢᠬᠡᠭᠰᠡᠨ ᠪᠠᠶᠢᠳᠠᠭ᠃ ᠠᠶᠢᠯ ᠤᠨ ᠠᠯᠢᠶ᠎ᠠ ᠵᠠᠯᠠᠭᠤᠰ ᠠᠭᠤᠯᠠ ᠤᠷᠤᠭᠤ ᠴᠢᠯᠠᠭᠤ ᠥᠩᠬᠦᠷᠢᠭᠦᠯᠵᠦ ᠨᠠᠭᠠᠳᠤᠨ᠎ᠠ᠃ ᠬᠦᠷᠵᠡ ᠴᠠᠷᠢᠯ ᠬᠥᠳᠡᠯᠭᠡᠵᠦ ᠪᠠᠶᠢᠭᠠᠳ ᠪᠣᠰᠤᠭ᠎ᠠ ᠬᠠᠳᠠ ᠶᠢ ᠶᠡᠭᠦᠷᠡᠭᠦᠯᠦᠨ᠎ᠡ᠃ ᠶᠡᠭᠦᠷᠡᠭᠰᠡᠨ ᠬᠠᠳᠠ ᠳᠣᠷᠣᠭᠰᠢ ᠪᠠᠭᠤᠬᠤ ᠳᠠᠭᠠᠨ ᠥᠭᠡᠷ᠎ᠡ ᠬᠠᠳᠠᠨ ᠳᠡᠭᠡᠷ᠎ᠡ ᠮᠥᠷᠭᠦᠵᠦ ᠨᠢᠴᠠᠷᠠᠭᠠᠳ ᠲᠦᠮᠡ ᠮᠢᠩᠭᠠᠨ ᠬᠡᠰᠡᠭ ᠪᠣᠯᠵᠤ ᠳᠣᠷᠣᠭᠰᠢ ᠥᠩᠬᠦᠷᠢᠨ ᠪᠠᠭᠤᠬᠤ ᠨᠢ ᠨᠡᠬᠡᠷᠡᠨ ᠡᠷᠲᠡᠨ ᠤ ᠬᠤᠭᠤᠷ ᠤᠨ ᠦᠯᠢᠭᠡᠷ ᠲᠤ ᠬᠡᠯᠡᠳᠡᠭ ᠰᠢᠭ ᠢᠶᠠᠷ ᠴᠢᠯᠠᠭᠤ ᠮᠣᠳᠣ ᠥᠩᠬᠦᠷᠢᠭᠦᠯᠬᠦ ᠵᠢᠭᠰᠠᠭᠠᠯ ᠳᠠᠶᠢᠰᠤᠨ ᠤ ᠲᠣᠯᠣᠭᠠᠢ ᠲᠦᠷᠦᠭᠦᠤ ᠳᠡᠭᠡᠷ᠎ᠡ ᠨᠢ ᠪᠠᠭᠤᠵᠤ ᠪᠠᠶᠢᠭ᠎ᠠ ᠮᠡᠲᠦ ᠰᠠᠨᠠᠭᠳᠠᠭᠤᠯᠳᠠᠭ᠃      ᠪᠢᠳᠡᠨ ᠰᠢᠭ ᠵᠢᠭᠠᠬᠠᠨ ᠠᠮᠢᠲᠠᠳ ᠴᠢᠯᠠᠭᠤ ᠮᠣᠳᠣ ᠥᠩᠬᠦᠷᠢᠭᠦᠯᠬᠦ ᠳᠤ ᠣᠷᠤᠯᠴᠠᠬᠤ ᠦᠭᠡᠢ᠂ ᠬᠠᠷᠢᠨ ᠨᠠᠰᠤ ᠬᠤᠷᠠᠭ ᠤᠨ ᠬᠥᠮᠥᠰ ᠲᠠᠢ ᠪᠠᠨ ᠲᠠᠬᠢᠶᠠᠨ ᠥᠨᠳᠡᠭᠡ ᠪᠠᠨ ᠮᠥᠷᠭᠦᠭᠦᠯᠵᠦ ᠬᠡᠨ ᠤ ᠬᠢᠨᠢ ᠪᠦᠭᠡ ᠪᠠᠶᠢᠬᠤ ᠶᠢ ᠮᠥᠷᠥᠶᠢᠴᠡᠳᠡᠭ᠃ ᠥᠨᠳᠡᠭᠡᠨ ᠤ ᠪᠠᠨ ᠱᠣᠪᠬᠤ ᠦᠵᠦᠭᠦᠷ ᠢᠶᠠᠷ ᠮᠥᠷᠭᠦᠯᠳᠦᠭᠦᠯᠪᠡᠯ ᠲᠡᠶᠢᠯᠭᠦ ᠤᠳᠠᠭ᠎ᠠ ᠨᠢ ᠤᠯᠠᠨ ᠪᠠᠶᠢᠳᠠᠭ᠃ ᠪᠠᠰᠠ ᠵᠠᠷᠢᠮ ᠨᠢ ᠵᠠᠯᠢᠯᠠᠵᠤ᠂ ᠰᠠᠨᠠᠭᠠᠨ ᠳᠤ ᠦᠭᠡᠢ ᠪᠠᠶᠢᠲᠠᠯ᠎ᠠ ᠴᠢᠨᠢ ᠥᠨᠳᠡᠭᠡᠨ ᠤ ᠴᠢᠨᠢ ᠬᠠᠵᠠᠭᠤ ᠲᠠᠯ᠎ᠠ ᠶᠢ ᠨᠢ ᠮᠥᠷᠭᠦᠭᠡᠳ ᠳᠡᠶᠢᠯᠴᠢᠬᠡᠳᠡᠭ ᠪᠠᠶᠢᠯ᠎ᠠ᠃      ᠲᠡᠷᠡ ᠦᠶ᠎ᠡ ᠳᠤ ᠲᠦᠷᠦᠯᠵᠢ ᠶᠢᠨ ᠮᠠᠩᠬᠠᠨ ᠠᠶᠢᠯ ᠪᠠ ᠪᠠᠵᠢᠯᠠᠭ᠎ᠠ ᠶᠢᠨ ᠮᠠᠩᠬᠠᠨ ᠠᠶᠢᠯ ᠤᠨ ᠬᠥᠮᠥᠰ ᠡᠷᠳᠡᠨᠢ ᠠᠭᠤᠯᠠ ᠶᠢᠨ ᠣᠷᠣᠢ ᠶᠢ ᠪᠤᠯᠢᠶᠠᠯᠴᠠᠳᠠᠭ᠃ ᠠᠮᠠᠰᠠᠷ ᠤᠨ ᠵᠢᠯᠠᠭ᠎ᠠ ᠶᠢᠨ ᠠᠶᠢᠯ ᠤᠨ ᠬᠢᠨ ᠠᠭᠤᠢ ᠶᠢᠨ ᠵᠢᠯᠠᠭ᠎ᠠ ᠶᠢᠨ ᠠᠶᠢᠯ ᠤᠨ ᠵᠠᠯᠠᠭᠤᠴᠤᠳ ᠲᠠᠢ ᠬᠠᠷ᠎ᠠ ᠠᠭᠤᠯᠠ ᠶᠢᠨ ᠣᠷᠣᠢ ᠶᠢ ᠪᠤᠯᠢᠶᠠᠯᠴᠠᠳᠠᠭ ᠪᠠᠶᠢᠵᠠᠢ᠃ ᠬᠠᠷ᠎ᠠ ᠡᠷᠲᠡ ᠪᠠᠷ ᠠᠭᠤᠯᠠᠨ ᠳᠤ ᠭᠠᠷᠴᠤ ᠵᠠᠪᠳᠤᠭᠰᠠᠨ ᠠᠶᠢᠯ ᠤᠨ ᠬᠢᠨ ᠴᠢᠯᠠᠭᠤ ᠮᠣᠳᠣ ᠰᠢᠳᠡᠵᠦ᠂ ᠨᠦᠭᠦᠭᠡ ᠲᠠᠯ᠎ᠠ ᠶᠢᠨ  ᠬᠢᠨ ᠢᠶᠠᠨ ᠠᠭᠤᠯᠠᠨ ᠣᠷᠣᠢ ᠳᠤ ᠭᠠᠷᠭᠠᠬᠤ ᠦᠭᠡᠢ ᠭᠡᠵᠦ ᠤᠷᠤᠯᠳᠤᠨ᠎ᠠ᠃ ᠬᠡᠷᠪᠡ ᠨᠡᠬᠡᠷᠡᠨ ᠭᠠᠷᠴᠤ ᠳᠡᠶᠢᠯᠦᠭᠰᠡᠨ ᠦᠭᠡᠢ ᠪᠣᠯ ᠪᠦᠲᠦᠨ ᠵᠢᠯ ᠢᠶᠠᠷ ᠬᠤᠷᠣᠰᠤᠯ ᠪᠤᠳᠤᠵᠦ ᠲᠠᠷᠠᠭ᠎ᠠ ᠵᠢᠯ ᠳᠡᠭᠡᠨ ᠳᠠᠷᠤᠵᠤ ᠭᠠᠷᠬᠤ ᠪᠠᠷ ᠵᠢᠳᠬᠦᠳᠡᠭ᠃ ᠮᠠᠨ ᠤ ᠱᠣᠷᠣᠩ ᠤᠨ ᠠᠭᠤᠯᠠ ᠶᠢ ᠪᠣᠯ ᠪᠤᠯᠢᠶᠠᠯᠴᠠᠳᠠᠭ ᠦᠭᠡᠢ᠃ ᠪᠠᠵᠢᠯᠠᠭ᠎ᠠ ᠰᠤᠮᠤᠨ ᠤ ᠵᠡᠭᠦᠨ ᠪᠠᠷᠠᠭᠤᠨ ᠪᠠᠵᠢᠯᠠᠭ᠎ᠠ᠂ ᠪᠠᠭ᠎ᠠ ᠪᠠᠶᠠᠨᠬᠤᠰᠢᠭᠤ ᠭᠤᠷᠪᠠᠨ ᠠᠶᠢᠯ ᠤᠨ ᠤᠶᠢᠷᠠᠯᠴᠠᠭ᠎ᠠ ᠥᠨᠳᠥᠷ ᠠᠭᠤᠯᠠ ᠪᠠᠶᠢᠳᠠᠭ ᠦᠭᠡᠢ ᠮᠠᠩᠬᠠᠨ ᠭᠠᠵᠠᠷ ᠪᠣᠯᠬᠤᠷ ᠮᠠᠩᠬᠠᠨ ᠲᠤᠪᠤ ᠳᠡᠭᠡᠷ᠎ᠡ ᠪᠠᠨ ᠮᠠᠴᠤᠵᠤ ᠭᠠᠷᠤᠭᠠᠳ ᠥᠨᠳᠡᠭᠡ ᠪᠠᠨ ᠤᠷᠤᠭᠤ ᠥᠩᠬᠦᠷᠢᠭᠦᠯᠵᠦ ᠤᠷᠤᠯᠳᠤᠳᠠᠭ᠃ ᠬᠤᠤᠯᠢᠨ ᠭᠤᠣᠯ ᠠᠴᠠ ᠤᠶᠢᠷᠠᠯᠴᠠᠭ᠎ᠠ ᠪᠠᠶᠢᠳᠠᠭ ᠥᠯᠵᠡᠢ ᠶᠢᠨ ᠠᠶᠢᠯ᠂ ᠴᠠᠭᠠᠨᠪᠤᠭ᠋᠎ᠠ᠂ ᠴᠧ ᠵᠢᠶᠠ ᠠᠶᠢᠯ ᠤᠨ ᠬᠢᠨ ᠪᠣᠯ ᠨᠠᠷᠠ ᠬᠠᠯᠠᠰᠬᠠᠵᠦ ᠪᠠᠶᠢᠭᠠᠳ ᠬᠤᠤᠯᠢᠨ ᠭᠤᠣᠯ ᠳᠤ ᠤᠮᠪᠠᠳᠠᠭ ᠪᠠᠶᠢᠯ᠎ᠠ᠃      ᠣᠨᠴᠠ ᠵᠠᠷᠢᠮ ᠵᠢᠯ ᠳᠡᠭᠡᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ ᠦᠶ᠎ᠡ ᠪᠠᠷ ᠱᠣᠷᠣᠩ ᠠᠭᠤᠯᠠ ᠶᠢᠨ ᠬᠡᠭᠡᠷ᠎ᠡ ᠶᠢᠨ ᠢᠯᠠᠮ᠎ᠠ ᠶᠡᠭᠡ ᠲᠥᠯᠥᠪ ᠪᠣᠯᠪᠠᠰᠤᠷᠠᠭᠰᠠᠨ ᠪᠠᠶᠢᠵᠤ᠂ ᠪᠠᠭᠤᠵᠤ ᠢᠷᠡᠬᠦ ᠳᠡᠭᠡᠨ ᠢᠯᠠᠮ᠎ᠠ ᠲᠡᠭᠦᠵᠦ ᠢᠳᠡᠳᠡᠭ᠃ ᠭᠡᠷ ᠲᠡᠭᠡᠨ ᠣᠷᠣᠵᠤ ᠢᠷᠡᠬᠦ ᠳᠤ ᠤᠷᠤᠭᠤᠯ ᠠᠮᠠ ᠪᠦᠷ ᠤᠯᠠᠶᠢᠵᠤ ᠪᠣᠷᠣᠯᠠᠭᠠᠳ ᠬᠠᠯᠲᠠᠷ ᠮᠤᠤᠷ ᠤᠨ ᠵᠢᠰᠦᠯᠡᠴᠢᠬᠡᠳᠡᠭ ᠪᠠᠶᠢᠭᠰᠠᠨ᠃      ᠬᠤᠵᠢᠮ ᠨᠢ ᠪᠢ ᠶᠡᠭᠡ ᠰᠤᠷᠭᠠᠭᠤᠯᠢ ᠲᠡᠭᠦᠰᠦᠭᠡᠳ ᠵᠠᠯᠠᠶᠢᠳ ᠬᠤᠰᠢᠭᠤᠨ ᠤ ᠢᠨᠳᠡᠷ ᠬᠤᠶᠠᠳᠤᠭᠠᠷ ᠲᠤᠮᠳᠠᠳᠦ ᠰᠤᠷᠭᠠᠭᠤᠯᠢ ᠳᠤ ᠮᠣᠩᠭᠤᠯ ᠬᠡᠯᠡᠨ ᠤ ᠪᠠᠭᠰᠢ ᠪᠠᠷ ᠠᠵᠢᠯᠯᠠᠭᠠᠳ ᠪᠠᠶᠢᠷᠢ ᠳᠤ ᠰᠠᠭᠤᠵᠤ ᠪᠠᠶᠢᠬᠤ ᠳᠠᠭᠠᠨ ᠭᠡᠰᠡᠨ ᠴᠤ᠂ ᠭᠡᠷ ᠡᠷᠦᠭᠡ ᠪᠣᠯᠤᠭᠰᠠᠨ ᠬᠤᠶᠢᠨ᠎ᠠ ᠴᠤ ᠭᠡᠰᠡᠨ  ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠪᠣᠯᠣᠭᠰᠠᠭᠠᠷ ᠡᠷᠲᠡᠯᠡᠨ ᠪᠣᠰᠴᠤ ᠰᠤᠶᠢᠬ᠎ᠠ ᠰᠢᠷᠠᠯᠵᠢ ᠲᠡᠭᠦᠳᠡᠭ ᠵᠤᠷᠰᠢᠯ ᠢᠶᠠᠨ ᠪᠠᠷᠢᠮᠲᠠᠯᠠᠭᠰᠠᠭᠠᠷ ᠶᠠᠪᠤᠯ᠎ᠠ᠃ ᠥᠬᠢᠨ ᠲᠠᠢ ᠪᠣᠯᠣᠭᠠᠳ ᠴᠤ ᠡᠨᠡ ᠵᠠᠩᠰᠢᠯ ᠢᠶᠠᠨ ᠪᠠᠷᠢᠮᠲᠠᠯᠠᠵᠤ᠂ ᠡᠷᠲᠡᠯᠡᠨ ᠪᠣᠰᠴᠤ ᠲᠡᠭᠦᠭᠰᠡᠨ ᠰᠤᠶᠢᠬ᠎ᠠ ᠰᠢᠷᠠᠯᠵᠢ ᠪᠠᠨ ᠰᠡᠮᠡᠭᠡᠷ ᠡᠬᠡᠨᠡᠷ ᠥᠬᠢᠨ ᠤ ᠪᠠᠨ ᠣᠷᠣ ᠶᠢᠨ ᠦᠵᠦᠭᠦᠷ ᠲᠠᠯᠪᠢᠵᠤ᠂ ᠡᠪᠡᠳᠴᠢᠨ ᠲᠠᠬᠤᠯ ᠦᠭᠡᠢ ᠶᠠᠪᠤᠬᠤ ᠶᠢ ᠨᠢ ᠬᠦᠰᠡᠳᠡᠭ ᠪᠠᠶᠢᠭᠰᠠᠨ᠃ ᠬᠤᠵᠢᠮ ᠨᠢ ᠲᠡᠷᠭᠡ ᠮᠠᠰᠢᠨ ᠲᠠᠢ ᠪᠣᠯᠣᠭᠠᠳ ᠭᠠᠭᠴᠠᠭᠠᠷ ᠲᠡᠷᠭᠡ ᠪᠠᠨ ᠪᠠᠷᠢᠵᠤ ᠴᠤᠤᠯ ᠭᠤᠣᠯ ᠤᠨ ᠬᠥᠪᠡᠭᠡᠨ ᠠᠴᠠ ᠰᠤᠶᠢᠬ᠎ᠠ ᠰᠢᠷᠠᠯᠵᠢ ᠲᠡᠭᠦᠳᠡᠭ ᠪᠣᠯᠪᠠ᠃ ᠦᠳᠡ ᠶᠢᠨ ᠬᠤᠶᠢᠨ᠎ᠠ ᠪᠤᠯᠬᠤ ᠳᠤ ᠡᠬᠡᠨᠡᠷ ᠲᠡᠭᠡᠨ ᠬᠡᠯᠡᠯ ᠦᠭᠡᠢ ᠪᠠᠷ ᠵᠢᠭᠡ ᠬᠦᠦ ᠪᠣᠯᠣᠨ ᠥᠬᠢᠨ ᠢᠶᠠᠨ ᠳᠠᠭᠠᠭᠤᠯᠵᠤ᠂ ᠴᠤᠤᠯ ᠭᠤᠣᠯ ᠤᠨ ᠤᠰᠤ ᠶᠢ ᠲᠠᠲᠠᠭᠰᠠᠨ ᠲᠠᠷᠢᠶ᠎ᠠ ᠤᠰᠤᠯᠠᠬᠤ ᠰᠤᠪᠠᠭ ᠲᠤ ᠠᠪᠠᠴᠢᠵᠤ ᠤᠰᠤᠨ ᠳᠤ ᠤᠮᠪᠠᠭᠤᠯᠳᠠᠭ ᠪᠣᠯᠣᠯ᠎ᠠ᠃ ᠪᠢ ᠠᠭᠤᠯᠠᠨ ᠵᠢᠯᠠᠭ᠎ᠠ ᠳᠤ ᠲᠦᠷᠦᠵᠦ ᠥᠰᠦᠭᠰᠡᠨ ᠪᠤᠯᠪᠠᠴᠤ ᠴᠠᠭᠠᠨᠯᠤᠤᠰ ᠨᠡᠷ᠎ᠡ ᠳᠡᠭᠡᠨ ᠬᠦᠷᠦᠮ᠎ᠡ ᠦᠭᠡᠢ ᠤᠰᠤᠨ ᠳᠠᠭᠠᠨ ᠭᠤᠷᠢ ᠦᠭᠡᠢ ᠠᠮᠢᠲᠠᠨ ᠪᠣᠯᠬᠤᠷ ᠲᠡᠳᠡᠨ ᠢ ᠭᠤᠣᠯ ᠨᠠᠭᠤᠷ ᠲᠤ ᠠᠶᠤᠵᠤ ᠳᠠᠭᠠᠭᠤᠯᠳᠠᠭ ᠦᠭᠡᠢ᠂ ᠡᠪᠦᠳᠦᠭ ᠴᠢᠨᠡᠭᠡ ᠰᠤᠪᠠᠭ ᠤᠨ ᠤᠰᠤ ᠴᠢᠨᠢ ᠬᠡᠦᠬᠡᠳ ᠰᠠᠭᠠᠲᠠᠭᠤᠯᠬᠤ ᠳᠤ ᠭᠦᠢᠴᠡᠨ᠎ᠡ᠃ ᠲᠡᠳᠡ ᠬᠤᠶᠠᠭᠤᠯᠠ ᠶᠢᠨ ᠤᠷᠮ᠎ᠠ ᠪᠠᠬ᠎ᠠ ᠲᠠᠢ ᠨᠠᠭᠠᠳᠬᠤ ᠶᠢ ᠨᠢ ᠬᠠᠷᠠᠭᠠᠳ ᠥᠪᠡᠷ ᠤᠨ ᠪᠠᠭ᠎ᠠ ᠨᠠᠰᠤ ᠪᠠᠨ ᠡᠷᠭᠢᠴᠡᠭᠦᠯᠦᠨ ᠳᠤᠷᠠᠰᠴᠤ᠂ ᠡᠬᠡ ᠨᠤᠲᠤᠭ᠂ ᠡᠵᠢ ᠠᠪᠤ ᠪᠠᠨ ᠮᠥᠷᠥᠭᠡᠳᠦᠨ ᠰᠠᠨᠠᠭᠠᠳ ᠰᠠᠭᠤᠳᠠᠭ ᠪᠠᠶᠢᠯ᠎ᠠ᠃      ᠨᠢᠭᠡ ᠵᠢᠯ ᠨᠢ ᠪᠢ ᠴᠤᠤᠯ ᠭᠤᠣᠯ ᠤᠨ ᠬᠥᠪᠡᠭᠡᠨ ᠠᠴᠠ ᠰᠤᠶᠢᠬ᠎ᠠ ᠰᠢᠷᠠᠯᠵᠢ ᠲᠡᠭᠦᠭᠡᠳ ᠪᠤᠴᠠᠵᠤ ᠢᠷᠡᠬᠦ ᠵᠠᠮ ᠳᠠᠭᠠᠨ ᠬᠤᠳᠠ ᠶᠢᠨ ᠠᠷᠤ ᠳᠤ ᠲᠤᠪᠤ ᠡᠵᠡᠩᠨᠡᠭᠡᠳ ᠰᠠᠭᠤᠵᠤ ᠪᠠᠶᠢᠭᠰᠠᠨ ᠲᠡᠮᠦᠷ᠎ᠡ ᠠᠬ᠎ᠠ ᠲᠠᠢ ᠬᠠᠷᠭᠤᠭᠰᠠᠨ ᠶᠤᠮᠰᠠᠨ᠃ ᠲᠡᠷᠡ ᠮᠢᠨᠤ ᠲᠡᠭᠡᠭᠡᠵᠦ ᠶᠠᠪᠤᠭ᠎ᠠ ᠰᠤᠶᠢᠬ᠎ᠠ ᠰᠢᠷᠠᠯᠵᠢ ᠶᠢ ᠦᠵᠡᠴᠢᠬᠡᠭᠡᠳ᠄ ︽ᠬᠥᠶ᠋ᠢ᠂ ᠴᠠᠭᠠᠨᠯᠤᠤᠰ ᠠ᠋᠂ ᠴᠢ ᠴᠢᠨᠢ ᠪᠦᠷ ᠶᠠᠭᠤ ᠲᠡᠭᠦᠴᠢᠬᠡᠭᠡᠳ ᠶᠠᠪᠤᠭ᠎ᠠ ᠶᠤᠮ ᠪᠤᠢ︖ ᠰᠤᠶᠢᠬ᠎ᠠ ᠰᠢᠷᠠᠯᠵᠢ ᠶᠢᠨ ᠨᠠᠪᠴᠢᠨ ᠤ ᠬᠢᠨᠢ ᠠᠷᠤ ᠳᠤ ᠨᠢ ᠨᠢᠭ᠋ ᠪᠤᠭᠤᠷᠤᠯ ᠮᠢᠨᠳᠠᠰᠤᠨ ᠦᠰᠦ ᠲᠠᠢ ᠪᠠᠶᠢᠳᠠᠭ ᠶᠤᠮ᠂ ᠨᠠᠪᠴᠢᠨ ᠤ ᠳᠡᠭᠡᠳᠦ ᠲᠠᠯ᠎ᠠ ᠳᠠᠭᠠᠨ ᠲᠠᠷᠠᠬᠠᠢ ᠵᠢᠵᠢᠭ ᠴᠠᠭᠠᠨ ᠪᠤᠯᠴᠢᠷᠬᠠᠢ ᠶᠢᠨ ᠲᠣᠯᠪᠤ ᠲᠠᠢ ᠪᠠᠶᠢᠳᠠᠭ ᠶᠤᠮ᠂ ᠬᠥᠮᠥᠰ ᠪᠦᠷ ᠡᠨᠡ ᠰᠢᠷᠠᠯᠵᠢ ᠲᠠᠢ ᠠᠳᠡᠭᠦᠷᠡᠭᠡᠳ ᠪᠠᠶᠢᠳᠠᠭ ᠶᠤᠮ ᠠ᠋︾ ᠭᠡᠯ᠎ᠡ᠃ ᠮᠢᠨᠤ ᠢᠴᠢᠭᠰᠡᠨ ᠭᠡᠵᠦ ᠠ᠋︕ ᠡᠳᠦᠢ ᠵᠢᠯ ᠰᠤᠶᠢᠬ᠎ᠠ ᠰᠢᠷᠠᠯᠵᠢ ᠲᠡᠭᠦᠭᠡᠳ ᠪᠦᠷ ᠪᠤᠷᠤᠭᠤ ᠶᠠᠭᠤᠮ᠎ᠠ ᠲᠡᠭᠦᠴᠢᠬᠡᠵᠡᠢ ᠳ᠋ᠠ᠃ ᠲᠡᠮᠦᠷ᠎ᠡ ᠠᠬ᠎ᠠ᠄ ︽ᠲᠠᠷᠠᠭ᠎ᠠ ᠵᠢᠯ ᠮᠢᠨᠤ ᠬᠠᠰᠢᠶᠠᠨ ᠠᠴᠠ ᠲᠡᠭᠦᠴᠢᠬᠡ ᠠ᠋᠂ ᠮᠢᠨᠤ ᠬᠠᠰᠢᠶᠠᠨ ᠳᠤ ᠰᠤᠶᠢᠬ᠎ᠠ ᠰᠢᠷᠠᠯᠵᠢ᠂ ᠬᠦᠮᠡᠯᠢ᠂ ᠬᠠᠯᠠᠭᠠᠢ ᠵᠥᠩᠳᠡᠭᠡᠨ ᠤᠷᠭᠤᠳᠠᠭ ᠶᠤᠮ︾ ᠭᠡᠯ᠎ᠡ᠃ ᠲᠡᠭᠡᠵᠦ ᠬᠡᠯᠡᠯᠴᠡᠵᠦ ᠲᠣᠬᠢᠷᠠᠭᠰᠠᠨ ᠵᠢᠯ ᠨᠢ ᠠᠵᠢᠯ ᠰᠢᠯᠵᠢᠵᠦ ᠭᠡᠷ ᠨᠡᠭᠦᠭᠡᠳ ᠪᠢ ᠤᠯᠠᠭᠠᠨᠬᠤᠲᠠ ᠳᠤ ᠠᠮᠢᠳᠤᠷᠠᠵᠠᠢ᠃ ᠡᠨᠡ ᠬᠡᠳᠦᠨ ᠵᠢᠯ ᠡᠷᠲᠡ ᠪᠣᠰᠴᠢᠬᠠᠭᠠᠳ ᠴᠣᠬᠤᠮ ᠬᠠᠮᠢᠭ᠎ᠠ ᠣᠴᠢᠵᠤ ᠰᠤᠶᠢᠬ᠎ᠠ ᠰᠢᠷᠠᠯᠵᠢ ᠲᠡᠭᠦᠬᠦ ᠪᠠᠨ ᠮᠡᠳᠡᠬᠦ ᠦᠭᠡᠢ ᠠᠷᠭ᠎ᠠ ᠪᠠᠷᠠᠭᠳᠠᠵᠤ᠂ ᠡᠷᠲᠡ ᠶᠢᠨ ᠨᠣᠭᠤᠭ᠎ᠠ ᠶᠢᠨ ᠵᠠᠬ᠎ᠠ ᠠᠴᠠ ᠬᠤᠳᠠᠯᠳᠤᠵᠤ ᠠᠪᠴᠢᠬᠠᠳᠠᠭ ᠪᠣᠯᠣᠯ᠎ᠠ᠃ ᠬᠤᠳᠠᠯᠳᠤᠵᠤ ᠠᠪᠤᠭᠰᠠᠨ ᠰᠤᠶᠢᠬ᠎ᠠ ᠰᠢᠷᠠᠯᠵᠢ ᠪᠠᠨ ᠬᠠᠷᠠᠭᠠᠳ ᠪᠠᠶᠢᠬᠤ ᠳᠤ ᠪᠠᠰᠠᠯᠨ ᠮᠢᠨᠤ ᠠᠳᠡᠭᠦᠷᠡᠭᠡᠳ ᠲᠡᠭᠦᠵᠦ ᠪᠠᠶᠢᠭᠰᠠᠨ ᠲᠠᠢ ᠠᠪ ᠠᠳᠠᠯᠢᠬᠠᠨ ᠬᠠᠷᠠᠭᠳᠠᠨ᠎ᠠ᠃ ᠪᠠᠷᠤᠭ ᠯᠡ ᠡᠳᠡᠨᠦᠰ ᠪᠠᠰᠠ ᠠᠳᠡᠭᠦᠷᠡᠭᠡᠳ ᠪᠠᠶᠢᠬᠤ ᠪᠤᠯᠤᠯᠲᠠᠢ ᠭᠡᠵᠦ ᠰᠠᠨᠠᠭᠠᠳ ᠭᠠᠰᠢᠭᠤᠨ ᠢᠨᠢᠶᠡᠮᠰᠦᠭᠯᠡᠪᠡ᠃      ᠡᠨᠡ ᠬᠠᠪᠤᠷ ᠡᠵᠢ ᠮᠢᠨᠢ ᠬᠦᠨᠳᠦ ᠡᠪᠡᠳᠴᠢᠯᠡᠵᠡᠢ᠃ ᠥᠨᠥ ᠡᠮᠨᠡᠯᠭᠡ ᠶᠢᠨ ᠴᠠᠭᠠᠨ ᠣᠷᠣ ᠳᠡᠭᠡᠷ᠎ᠡ ᠲᠠᠷᠢᠯᠭ᠎ᠠ ᠶᠢᠨ ᠰᠢᠩᠭᠡᠨ ᠳᠡᠭᠦᠵᠢᠯᠡᠭᠡᠳ ᠬᠡᠪᠲᠡᠵᠦ ᠪᠤᠢ᠃ ᠮᠥᠩᠬᠡᠷᠡᠬᠦ‍ ᠰᠢᠭ ᠪᠤᠳᠤᠵᠦ ᠶᠠᠪᠤᠭᠰᠠᠨ ᠡᠵᠢ ᠮᠢᠨᠢ ᠨᠠᠮ᠎ᠠ ᠶᠢ ᠳᠠᠭᠠᠭᠤᠯᠵᠤ ᠰᠤᠶᠢᠬ᠎ᠠ ᠰᠢᠷᠠᠯᠵᠢ ᠲᠡᠭᠦᠵᠦ  ᠲᠡᠶᠢᠯᠭᠦ ᠦᠭᠡᠢ ᠪᠣᠯᠵᠠᠢ᠃ ᠡᠵᠢ ᠶᠢᠨ ᠵᠢᠭᠠᠵᠤ ᠥᠭᠭᠦᠭᠰᠡᠨ ᠠᠯᠢ ᠤᠯᠠᠨ ᠤᠴᠢᠷ ᠶᠠᠭᠤᠮᠠᠨ ᠤ ᠣᠣᠷ ᠴᠢᠨᠠᠷ ᠢ ᠨᠢ ᠲᠠᠨᠢᠭ᠎ᠠ ᠦᠭᠡᠢ ᠶᠠᠪᠤᠭᠰᠠᠨ ᠮᠢᠨᠢ ᠦᠨᠡᠨ᠃ ᠶᠠᠭ ᠰᠤᠶᠢᠬ᠎ᠠ ᠰᠢᠷᠠᠯᠵᠢ ᠶᠢ ᠭᠦᠷᠲᠡᠯ᠎ᠡ ᠠᠳᠡᠭᠦᠷᠡᠭᠡᠳ ᠪᠠᠶᠢᠭᠰᠠᠨ ᠰᠢᠭ᠋ ᠢᠶᠠᠨ᠃      ᠰᠤᠶᠢᠬ᠎ᠠ ᠰᠢᠷᠠᠯᠵᠢ ᠡᠮ ᠳᠤ ᠣᠷᠣᠳᠠᠭ᠃ ᠣᠨᠴᠠᠭᠠᠶᠢᠯᠠᠨ ᠡᠮᠡᠭᠲᠡᠢ ᠬᠥᠮᠥᠨ ᠤ ᠬᠦᠢᠲᠡᠨ ᠡᠪᠡᠳᠴᠢᠨ᠂  ᠬᠥᠯ ᠨᠢᠷᠤᠭᠤ ᠬᠦᠵᠦᠭᠦᠦ ᠲᠣᠯᠣᠭᠠᠢ ᠶᠢᠨ ᠡᠯᠳᠡᠪ ᠡᠪᠡᠳᠴᠢᠨ᠂ ᠠᠭᠰᠠᠭ᠎ᠠ ᠬᠠᠨᠢᠶᠠᠳᠤ ᠠᠯᠢ ᠪᠦᠭᠦᠨ ᠳᠤ ᠲᠤᠰᠠᠲᠠᠢ ᠭᠡᠵᠦ ᠪᠠᠶᠢᠨ᠎ᠠ᠃ ᠬᠠᠷᠢᠨ ᠮᠢᠨᠤ ᠡᠵᠢ ᠶᠢᠨ ᠡᠪᠡᠳᠴᠢᠨ᠂ ᠮᠢᠨᠤ ᠰᠡᠳᠬᠢᠯ ᠤᠨ ᠡᠪᠡᠳᠴᠢᠨ ᠢ ᠥᠨᠢᠳᠡ ᠵᠠᠰᠠᠵᠤ ᠲᠡᠶᠢᠯᠭᠦ ᠦᠭᠡᠢ ᠪᠣᠯᠵᠠᠢ᠃ ᠭᠡᠶ᠎ᠡ ᠥᠭᠡᠷ᠎ᠡ  ᠬᠥᠮᠥᠰ ᠲᠤ ᠬᠡᠷᠡᠭᠲᠡᠢ ᠪᠠᠶᠢᠯ ᠦᠭᠡᠢ ᠶᠠᠭᠠᠬᠢᠬᠤ ᠪᠤᠢ᠃ ᠬᠡᠷᠡᠭᠲᠡᠢ ᠬᠥᠮᠥᠨ ᠳᠡᠭᠡᠨ ᠲᠤᠰᠠᠲᠠᠢ ᠤᠷᠭᠤᠮᠠᠯ ᠨᠢ ᠪᠠᠳᠠᠷᠠᠭᠤᠨ ᠤᠷᠭᠤᠵᠦ ᠯᠡ ᠪᠠᠶᠢᠬᠤ ᠪᠣᠯᠲᠤᠭᠠᠢ︕
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号