ᠬᠡᠦᠬᠡᠳ ᠤᠨ ᠴᠡᠭᠡᠷ ᠬᠤᠷᠢᠭ᠎ᠠ ᠶᠢᠨ ᠲᠤᠬᠠᠢ
ᠨᠡᠶᠢᠲᠡᠯᠡᠭᠰᠡᠨ ᠴᠠᠭ᠄
2023/7/24
   ᠮᠣᠩᠭᠤᠯᠴᠤᠳ ᠬᠡᠦᠬᠡᠳ ᠲᠤ ᠪᠠᠭ᠎ᠠ ᠠᠴᠠ ᠨᠢ ᠴᠡᠭᠡᠷ ᠬᠤᠷᠢᠭ᠎ᠠ ᠶᠢ ᠮᠡᠳᠡᠭᠦᠯᠵᠦ᠂ ᠶᠣᠰᠣ ᠨᠣᠮ ᠲᠠᠢ ᠬᠥᠮᠥᠵᠢᠭᠦᠯᠬᠦ ᠶᠢ ᠣᠨᠴᠠ ᠠᠩᠬᠠᠷᠳᠠᠭ᠃ ᠬᠡᠦᠬᠡᠳ  ᠤᠨ ᠴᠡᠭᠡᠷ ᠬᠤᠷᠢᠭ᠎ᠠ ᠭᠡᠵᠦ ᠤᠯᠠᠨ ᠵᠦᠢᠯ ᠪᠠᠶᠢᠳᠠᠭ᠃     ᠬᠡᠦᠬᠡᠳ ᠠᠷᠢᠬᠢ ᠲᠠᠮᠠᠬᠢ ᠤᠤᠭᠤᠵᠤ ᠲᠠᠲᠠᠵᠤ ᠪᠤᠯᠬᠤ ᠦᠭᠡᠢ᠂ ᠡᠯᠳᠡᠪ ᠪᠣᠯᠬᠢ ᠪᠦᠳᠦᠭᠦᠯᠢᠭ ᠦᠭᠡ ᠪᠠᠷ ᠬᠥᠮᠥᠨ ᠢ ᠬᠠᠷᠢᠶᠠᠵᠤ ᠪᠤᠯᠬᠤ ᠦᠭᠡᠢ᠂ ᠬᠥᠮᠥᠨ ᠤ ᠶᠠᠭᠤᠮ᠎ᠠ ᠶᠢ ᠳᠤᠷ᠎ᠠ ᠪᠠᠷ ᠠᠪᠴᠤ ᠪᠤᠯᠬᠤ ᠦᠭᠡᠢ᠂ ᠬᠤᠳᠠᠯ ᠬᠡᠯᠡᠬᠦ ᠶᠢ ᠲᠠᠰᠤ ᠴᠡᠭᠡᠷᠯᠡᠳᠡᠭ᠃ ᠶᠡᠬᠡᠴᠦᠳ ᠲᠠᠢ ᠨᠢᠭᠡ ᠦᠶ᠎ᠡ ᠶᠢᠨ ᠬᠥᠮᠥᠰ ᠢ ᠠᠪᠠᠭ᠎ᠠ᠂ ᠨᠠᠭ᠎ᠠ᠂ ᠠᠶᠢᠯ ᠤᠨ ᠠᠪᠤ᠂ ᠠᠶᠢᠯ ᠤᠨ ᠡᠵᠢ᠂ ᠡᠮᠡᠭᠡ ᠡᠪᠦᠭᠡ ᠭᠡᠵᠦ ᠬᠦᠨᠳᠦᠳᠬᠡᠨ ᠳᠠᠭᠤᠳᠠᠬᠤ ᠠᠴᠠ ᠪᠢᠰᠢ ᠬᠠᠷᠢᠨ ᠨᠡᠷ᠎ᠡ ᠪᠠᠷ ᠨᠢ ᠳᠠᠭᠤᠳᠠᠵᠤ ᠪᠤᠯᠬᠤ ᠦᠭᠡᠢ᠃ ᠠᠬ᠎ᠠ ᠡᠭᠡᠴᠢ ᠲᠠᠢ ᠨᠢᠭᠡ ᠦᠶ᠎ᠡ ᠶᠢᠨ ᠬᠢᠨ ᠢ ᠠᠶᠢᠯ ᠤᠨ ᠠᠬ᠎ᠠ᠂ ᠠᠶᠢᠯ ᠤᠨ ᠡᠭᠡᠴᠢ ᠬᠡᠮᠡᠨ ᠳᠠᠭᠤᠳᠠᠵᠤ᠂ ᠳᠡᠭᠦᠦ ᠨᠠᠷ ᠬᠡᠦᠬᠡᠳ ᠤᠳ ᠢ ᠳᠡᠭᠦᠦ ᠬᠡᠮᠡᠨ ᠳᠠᠭᠤᠳᠠᠵᠤ ᠳᠣᠲᠣᠨᠣᠴᠢᠯᠠᠳᠠᠭ᠃     ᠬᠡᠦᠬᠡᠳ ᠬᠠᠶᠢᠴᠢ ᠬᠢᠳᠤᠭ᠎ᠠ ᠮᠡᠲᠦ ᠶᠢᠨ ᠢᠷ ᠲᠠᠢ ᠡᠳ᠋ᠯᠡᠯ ᠬᠡᠷᠡᠭᠰᠡᠯ ᠢᠶᠠᠷ ᠨᠠᠭᠠᠳᠴᠤ ᠪᠤᠯᠬᠤ ᠦᠭᠡᠢ᠂ ᠨᠡᠩ ᠴᠦ ᠡᠳᠡᠭᠡᠷ ᠶᠠᠭᠤᠮ᠎ᠠ ᠶᠢ ᠬᠥᠮᠥᠨ ᠤ ᠵᠦᠭ ᠬᠠᠨᠳᠤᠭᠤᠯᠬᠤ ᠪᠤᠶᠤ ᠠᠮᠠᠨ ᠳᠤ ᠪᠠᠨ ᠵᠠᠭᠤᠵᠤ ᠪᠤᠯᠬᠤ ᠦᠭᠡᠢ᠃ ᠡᠭᠦᠳᠦᠨ ᠤ ᠪᠤᠷᠤᠭᠤ ᠲᠠᠯ᠎ᠠ ᠪᠠᠷ ᠣᠷᠣᠵᠤ ᠭᠠᠷᠴᠤ ᠪᠤᠯᠬᠤ ᠦᠭᠡᠢ᠂ ᠭᠠᠯ ᠤᠰᠤ ᠪᠠᠷ ᠨᠠᠭᠠᠳᠴᠤ ᠪᠤᠯᠬᠤ ᠦᠭᠡᠢ᠂ ᠪᠤᠰᠤᠳ ᠤᠨ ᠮᠠᠯᠠᠭᠠᠢ ᠬᠤᠪᠴᠠᠰᠤᠨ ᠤ ᠳᠡᠭᠡᠭᠦᠷ ᠠᠯᠬᠤᠵᠤ ᠪᠤᠯᠳᠠᠭ ᠦᠭᠡᠢ᠃ ᠪᠤᠳᠠᠭ᠎ᠠ ᠢᠳᠡᠬᠦ ᠳᠤ ᠪᠠᠨ ᠠᠶᠠᠭ᠎ᠠ ᠰᠢᠨᠠᠭ᠎ᠠ ᠪᠠᠨ ᠴᠣᠬᠢᠵᠤ ᠪᠠᠯᠪᠠᠵᠤ ᠪᠤᠯᠬᠤ ᠦᠭᠡᠢ᠃ ᠶᠡᠭᠡ ᠬᠥᠮᠥᠰ ᠤᠨ ᠶᠠᠷᠢᠶᠠᠨ ᠤ ᠳᠤᠮᠳᠠ ᠣᠷᠣᠵᠤ ᠪᠤᠯᠬᠤ ᠦᠭᠡᠢ᠃     ᠬᠡᠦᠬᠡᠳ ᠬᠤᠷᠣᠬᠠᠢ ᠰᠢᠪᠠᠵᠢ ᠪᠣᠯᠵᠣᠮᠣᠷ ᠢ ᠠᠯᠠᠵᠤ ᠪᠤᠯᠬᠤ ᠦᠭᠡᠢ᠂ ᠭᠡᠷ ᠳᠣᠲᠣᠷ᠎ᠠ ᠢᠰᠬᠡᠷᠴᠦ ᠪᠤᠯᠬᠤ ᠦᠭᠡᠢ᠂ ᠡᠷᠲᠡ ᠪᠣᠰᠣᠮᠠᠭᠴᠠ ᠣᠷᠣᠨ ᠳᠣᠲᠣᠷ᠎ᠠ  ᠪᠠᠨ ᠳᠠᠭᠤᠤ ᠠᠶᠠᠯᠠᠬᠤ ᠪᠠ ᠦᠳᠡᠰᠢ ᠤᠨᠲᠠᠬᠤ ᠳᠤ ᠪᠠᠨ ᠳᠠᠭᠤᠤ ᠠᠶᠠᠯᠠᠵᠤ ᠪᠤᠯᠬᠤ ᠦᠭᠡᠢ ᠭᠡᠲᠡᠭ᠃     ᠬᠡᠦᠬᠡᠳ ᠢ ᠡᠨᠡ ᠮᠡᠲᠦ ᠭᠡᠷ ᠤᠨ ᠰᠤᠷᠭᠠᠯ ᠢᠶᠠᠷ ᠥᠰᠬᠡᠨ ᠬᠥᠮᠥᠵᠢᠭᠦᠯᠵᠦ᠂ ᠨᠠᠰᠤᠨ ᠳᠤ ᠬᠦᠷᠪᠡᠯ ᠬᠥᠪᠡᠭᠦᠨ  ᠨᠢ ᠪᠡᠷᠢ ᠠᠪᠴᠤ ᠡᠭᠦᠳᠡ ᠡᠷᠦᠬᠡ ᠪᠠᠨ ᠵᠠᠯᠭᠠᠮᠵᠢᠯᠠᠵᠤ᠂ ᠥᠬᠢᠨ ᠨᠢ ᠬᠥᠮᠥᠨ ᠤ ᠡᠭᠦᠳᠡᠨ ᠳᠤ ᠮᠣᠷᠳᠠᠵᠤ ᠭᠠᠯ ᠭᠤᠯᠣᠮᠲᠠ  ᠶᠢ ᠨᠢ ᠰᠡᠷᠭᠦᠭᠡᠨ ᠶᠠᠪᠤᠬᠤ ᠶᠢᠷᠲᠢᠨᠴᠦ ᠶᠢᠨ ᠶᠣᠰᠣᠨ ᠢ ᠲᠠᠭᠠᠨ᠎ᠠ᠃ ᠡᠭᠦᠨ ᠢ ︽ᠭᠠᠷ ᠢ ᠨᠢ ᠭᠠᠨᠵᠤᠭᠠᠨ ᠳᠤ ᠬᠦᠷᠭᠡᠵᠦ᠂ ᠬᠥᠯ ᠢ ᠨᠢ ᠳᠥᠷᠥᠭᠡᠨ ᠳᠤ ᠬᠦᠷᠭᠡᠯ᠎ᠡ︾ ᠭᠡᠵᠦ ᠶᠠᠷᠢᠳᠠᠭ ᠰᠠᠨ᠃
 
ᠢᠷᠡᠯᠲᠡ᠄ ᠪᠠᠶᠠᠨ ᠨᠠᠭᠤᠷ ᠤᠨ ᠰᠣᠨᠢᠨ ᠤ ︽ᠳᠡᠯᠭᠡᠷ ᠬᠠᠩᠭᠠᠢ︾ ᠪᠤᠯᠤᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号