| ᠮᠣᠩᠭᠤᠯᠴᠤᠳ ᠪᠡᠶ᠎ᠡ ᠶᠢᠨ ᠡᠷᠬᠡᠲᠡᠨ ᠢᠶᠠᠷ ᠤᠷᠳᠤ ᠶᠢᠨ ᠬᠡᠮᠵᠢᠶ᠎ᠡ ᠶᠢ ᠬᠡᠮᠵᠢᠵᠦ ᠦᠯᠤ ᠴᠢᠳᠠᠬᠤ ᠨᠡᠯᠢᠶᠡᠳ | ᠬᠤᠯᠠ ᠵᠠᠢ ᠶᠢ ᠠᠮᠢᠳᠤᠷᠠᠯ ᠠᠬᠤᠢ ᠳᠤ ᠦᠷᠬᠦᠯᠵᠢ ᠲᠠᠭᠠᠷᠠᠯᠳᠤᠬᠤ ᠬᠠᠮᠤᠭ ᠤᠨ ᠣᠶᠢᠯᠠᠭᠠᠮᠵᠢᠲᠠᠢ ᠵᠦᠢᠯ ᠢᠶᠠᠷ | ᠵᠦᠢᠷᠯᠡᠨ ᠢᠯᠡᠳᠬᠡᠳᠡᠭ ᠪᠠᠶᠢᠨ᠎ᠠ᠃ ᠲᠤᠬᠠᠢ ᠶᠢᠨ ᠦᠶ᠎ᠡ ᠶᠢᠨ ᠨᠡᠭᠦᠳᠡᠯ ᠤᠨ ᠬᠡᠮᠵᠢᠶ᠎ᠡ ᠪᠠᠷ ︽ᠨᠡᠭᠦᠳᠡᠯ ᠤᠨ ᠭᠠᠵᠠᠷ︾ | ᠭᠡᠬᠦ ᠪᠤᠶᠤ ᠡᠩ ᠤᠨ ᠨᠢᠳᠦ ᠪᠠᠷ ᠬᠠᠷᠠᠭᠳᠠᠬᠤ ᠶᠢᠨ ᠲᠡᠳᠦᠢ ᠵᠠᠢ ᠪᠠᠷ ᠵᠦᠢᠴᠢᠯᠡᠨ ︽ᠨᠢᠭᠡ ᠪᠠᠷ᠎ᠠ ᠶᠢᠨ ᠭᠠᠵᠠᠷ︾᠂ | ︽ᠨᠢᠳᠦᠨ ᠪᠠᠷ᠎ᠡ ᠶᠢᠨ ᠭᠠᠵᠠᠷ︾ ᠭᠡᠬᠦ ᠮᠡᠲᠦ ᠪᠠᠷ ᠨᠠᠷᠠᠯᠠᠨ᠎ᠠ᠃ ᠨᠠᠩ ᠴᠢᠨᠠᠭᠰᠢᠯᠠᠨ ︽ᠬᠤᠨᠢᠨ ᠤ ᠪᠡᠯᠴᠢᠭᠡᠷ︾᠂ | ︽ᠠᠳᠤᠭᠤᠨ ᠤ ᠪᠡᠯᠴᠢᠭᠡᠷ︾ ᠭᠡᠬᠦ ᠮᠡᠲᠦ ᠪᠠᠷ ᠵᠦᠢᠴᠢᠯᠡᠨ ᠬᠡᠯᠡᠳᠡᠭ ᠪᠢᠯᠡ᠃ ᠬᠤᠯᠠ ᠣᠶᠢᠷ᠎ᠠ ᠶᠢᠨ ᠬᠡᠮᠵᠢᠶ᠎ᠡ ᠨᠢ | ᠤᠷᠳᠤ ᠶᠢᠨ ᠬᠡᠮᠵᠢᠶ᠎ᠡ ᠶᠢᠨ ᠨᠢᠭᠡ ᠵᠦᠢᠯ ᠮᠥᠨ᠃ ᠮᠣᠩᠭᠤᠯ ᠠᠷᠠᠳ ᠤᠨ ᠵᠠᠩ ᠵᠢᠷᠤᠮ ᠳᠤ ᠨᠤᠲᠤᠭ ᠤᠰᠤ᠂ ᠠᠶᠠᠨ | ᠵᠠᠮ ᠤᠨ ᠤᠷᠳᠤ ᠶᠢ ᠬᠤᠯᠠ ᠣᠶᠢᠷ᠎ᠠ ᠭᠡᠵᠦ᠂ ᠡᠳ᠋ ᠪᠠᠷᠠᠭ᠎ᠠ᠂ ᠪᠠᠭᠠᠵᠢ ᠬᠡᠷᠡᠭᠰᠡᠯ ᠤᠨ ᠤᠷᠳᠤ ᠶᠢ ᠤᠷᠳᠤ ᠪᠣᠭᠤᠨᠢ | ᠭᠡᠵᠦ ᠢᠯᠭᠠᠳᠠᠭ᠃ ᠲᠡᠭᠦᠨᠴᠢᠯᠡᠨ ᠡᠨᠡ ᠬᠤᠶᠠᠷ ᠵᠦᠢᠯ ᠳᠤ ᠬᠡᠷᠡᠭᠯᠡᠳᠡᠭ ᠬᠡᠮᠵᠢᠭᠦᠷ᠂ ᠬᠡᠮᠵᠢᠳᠡᠭ ᠠᠷᠭ᠎ᠠ ᠴᠤ ᠠᠳᠠᠯᠢ | ᠪᠤᠰᠤ ᠪᠠᠶᠢᠳᠠᠭ᠃ ᠤᠷᠳᠤ ᠣᠬᠤᠷ ᠢ ᠭᠤᠣᠯᠳᠠᠭᠤ ᠪᠡᠶ᠎ᠡ ᠶᠢᠨ ᠡᠷᠬᠡᠲᠡᠨ ᠪᠤᠶᠤ ᠲᠤᠰᠬᠠᠢ ᠬᠡᠮᠵᠢᠭᠦᠷ ᠢᠶᠠᠷ ᠵᠢᠱᠢᠶᠡᠯᠡᠨ | ᠬᠡᠮᠵᠢᠳᠡᠭ ᠪᠣᠯ ᠬᠤᠯᠠ ᠣᠶᠢᠷ᠎ᠠ ᠶᠢ ᠭᠤᠣᠯᠳᠠᠭᠤ ᠨᠢᠳᠦᠨ ᠤ ᠬᠠᠷᠠᠭᠠᠨ ᠤ ᠪᠠᠷᠢᠮᠵᠢᠶ᠎ᠠ᠂ ᠴᠠᠭ ᠬᠤᠭᠤᠴᠠᠭ᠎ᠠ ᠪᠠ | ᠠᠶᠠᠨ ᠵᠢᠩ ᠤᠨ ᠶᠠᠪᠤᠳᠠᠯ ᠰᠠᠭᠤᠳᠠᠯ ᠤᠨ ᠪᠠᠷᠢᠮᠵᠢᠶ᠎ᠠ ᠵᠡᠷᠭᠡ ᠪᠠᠷ ᠵᠢᠱᠢᠶᠡᠯᠡᠨ ᠬᠡᠮᠵᠢᠳᠡᠭ᠃ ᠢᠩᠭᠢᠵᠦ ᠬᠡᠮᠵᠢᠬᠦ ᠳᠤ | ᠭᠠᠵᠠᠷ ᠨᠢ ᠰᠠᠭᠤᠷᠢ ᠪᠠᠷᠢᠮᠵᠢᠶ᠎ᠠ ᠪᠣᠯᠵᠤ᠂ ᠲᠡᠭᠦᠨ ᠤ ᠳᠡᠭᠡᠷ᠎ᠡ ᠠᠳᠤᠭᠤ ᠮᠠᠯ ᠤᠨ ᠪᠡᠯᠴᠢᠭᠡᠷ᠂ ᠠᠶᠠᠨ ᠨᠡᠭᠦᠳᠡᠯ ᠤᠨ ᠵᠠᠢ᠂ | ᠡᠳᠦᠷ ᠤᠨ ᠨᠠᠷᠠᠨ ᠤ ᠣᠷᠴᠢᠯ ᠢᠶᠠᠷ ᠵᠢᠱᠢᠶᠡᠯᠡᠨ ᠤᠯᠠᠨ ᠬᠡᠮᠵᠢᠭᠦᠷ ᠭᠠᠷᠭᠠᠳᠠᠭ᠃ ᠡᠳᠠᠬᠡᠷ ᠬᠡᠮᠵᠢᠬᠦ ᠨᠢ ᠮᠣᠩᠭᠤᠯ ᠤᠨ | ᠤᠯᠠᠨ ᠨᠤᠲᠤᠭ᠂ ᠶᠠᠰᠤᠳᠠᠨ ᠤ ᠳᠤᠮᠳᠠ ᠲᠡᠳᠦᠢ ᠨᠢᠭᠡᠳᠦᠯᠲᠡᠢ ᠪᠢᠰᠢ᠂ ᠠᠵᠤ ᠠᠬᠤᠢ᠂ ᠣᠷᠴᠢᠨ ᠲᠣᠭᠤᠷᠢᠨ᠂ ᠴᠠᠭ | ᠠᠭᠤᠷ᠂ ᠵᠠᠩ ᠠᠭᠠᠯᠢ ᠵᠡᠷᠭᠡ ᠵᠥᠷᠢᠶ᠎ᠡ ᠠᠴᠠ ᠪᠣᠯᠵᠤ ᠲᠡᠳᠡᠭᠡᠷ ᠤᠨ ᠤᠳᠬ᠎ᠠ ᠬᠡᠮᠵᠢᠶ᠎ᠡ ᠪᠦᠷ ᠠᠳᠠᠯᠢ ᠪᠤᠰᠤ ᠪᠠᠶᠢᠵᠤ᠂ | ᠡᠯ᠎ᠡ ᠨᠤᠲᠤᠭ᠂ ᠶᠠᠰᠤᠳᠠᠨ ᠤ ᠬᠤᠭᠤᠷᠣᠨᠳᠤ ᠡᠳᠦᠢ ᠲᠡᠳᠦᠢ ᠵᠥᠷᠢᠶ᠎ᠡ ᠲᠠᠢ ᠪᠠᠶᠢᠳᠠᠭ᠃ | ᠡᠭᠦᠳᠡᠨ ᠬᠤᠶᠢᠮᠤᠷ᠄ 30 - 50 ᠳ᠋ᠢᠼᠢᠮᠧᠲᠷ ᠪᠤᠶᠤ 3 - 5 ᠠᠯᠴᠠᠮ ᠵᠠᠢ ᠶᠢ ᠬᠡᠯᠡᠳᠡᠭ᠃ ᠮᠣᠩᠭᠤᠯ | ᠭᠡᠷ ᠤᠨ ᠡᠭᠦᠳᠦᠨ ᠠᠴᠠ ᠡᠭᠴᠡ ᠡᠰᠡᠷᠭᠦ ᠬᠠᠨ᠎ᠠ ᠬᠦᠷᠬᠦ ︵ᠬᠤᠶᠢᠮᠤᠷ ᠬᠦᠷᠬᠦ︶ ᠵᠠᠢ᠃ ᠡᠭᠦᠳᠡᠨ ᠬᠤᠶᠢᠮᠤᠷ ᠨᠢ | ᠬᠠᠨ᠎ᠠ ᠶᠢᠨ ᠲᠤᠭ᠎ᠠ ᠪᠠ ᠶᠡᠭᠡ ᠪᠠᠭ᠎ᠠ ᠠᠴᠠ ᠰᠢᠯᠲᠠᠭᠠᠯᠠᠵᠤ ᠠᠳᠠᠯᠢ ᠪᠤᠰᠤ ᠪᠠᠶᠢᠳᠠᠭ ᠪᠤᠯᠪᠠᠴᠤ ᠬᠡᠮᠵᠢᠭᠦᠷ ᠤᠨ | ᠬᠤᠪᠢ ᠳᠤ ︽ᠡᠭᠦᠳᠡᠨ ᠬᠤᠶᠢᠮᠤᠷ︾ ᠭᠡᠭᠴᠢ ᠨᠢ ᠭᠤᠣᠯᠳᠠᠭᠤ ᠭᠠᠵᠠᠷ ᠤᠨ ᠭᠠᠳᠠᠷᠭᠤ ᠳᠡᠭᠡᠷᠡᠬᠢ ᠵᠠᠢ ᠶᠢ ᠬᠡᠮᠵᠢᠳᠡᠭ | ᠬᠡᠮᠵᠢᠭᠦᠷ ᠪᠣᠯᠣᠨ᠎ᠠ᠃ | ᠴᠤᠯᠪᠤᠭᠤᠷ ᠬᠦᠷᠦᠮ᠎ᠡ ᠵᠠᠢ᠄ ᠪᠠᠷᠤᠭ 25 ᠳ᠋ᠢᠼᠢᠮᠧᠲᠷ ᠪᠤᠶᠤ ᠠᠯᠳᠠ ᠬᠠᠭᠠᠰ ᠤᠨ ᠬᠢᠷᠢᠲᠡᠢ ᠵᠠᠢ ᠶᠢ ᠬᠡᠯᠡᠨ᠎ᠡ᠃ | ᠨᠣᠭᠲᠣ ᠶᠢᠨ ᠴᠤᠯᠪᠤᠭᠤᠷ ᠢ ᠰᠤᠩᠭᠠᠭᠰᠠᠨ ᠤ ᠬᠢᠷᠢ ᠵᠠᠢ᠃ | ᠵᠠᠯᠠᠨ ᠤ ᠬᠢᠷᠢ᠄ 7 - 10 ᠮᠧᠳ᠋ᠷ ᠪᠤᠶᠤ 2 - 3 ᠬᠤᠣᠰ ᠠᠯᠳᠠ ᠵᠠᠢ᠃ ᠤᠨᠤᠭ᠎ᠠ ᠮᠣᠷᠢ ᠤᠶᠠᠬᠤ᠂ ᠲᠤᠭᠤᠯ | ᠪᠢᠷᠠᠭᠤ ᠲᠠᠲᠠᠬᠤ ᠳᠤ ᠬᠡᠷᠡᠭᠯᠡᠳᠡᠭ ᠵᠡᠯ᠎ᠡ ᠶᠢᠨ ᠳᠡᠭᠡᠰᠦᠨ ᠤ ᠬᠡᠮᠵᠢᠶ᠎ᠡ ᠪᠠᠷ ᠵᠢᠱᠢᠨ ᠬᠡᠮᠵᠢᠳᠡᠭ ᠤᠷᠳᠤ ᠶᠢᠨ ᠬᠡᠮᠵᠢᠶ᠎ᠡ᠃ | ᠮᠣᠩᠭᠤᠯᠴᠤᠳ ᠦᠷᠬᠦᠯᠵᠢ ︽ᠵᠠᠯᠠᠨ ᠤ ᠬᠢᠷᠢ ᠬᠤᠯᠠ︾ ᠭᠡᠵᠦ ᠬᠡᠯᠡᠳᠡᠭ᠃ | ᠪᠢᠯᠠᠭᠤ ᠰᠢᠳᠠᠮ ᠤᠨ ᠭᠠᠵᠠᠷ᠄ ᠪᠠᠷᠤᠭ 20 ᠮᠧᠳ᠋ᠷ ᠲᠠᠢ ᠲᠡᠩᠴᠡᠭᠦᠦ ᠪᠤᠶᠤ 6 ᠬᠤᠣᠰ ᠠᠯᠳᠠ ᠣᠷᠴᠢᠮ | ᠵᠠᠢ ᠶᠢ ᠵᠢᠭᠠᠳᠠᠭ᠃ ᠪᠡᠶ᠎ᠡ ᠠᠴᠠ ᠪᠢᠯᠠᠭᠤ ᠶᠢ ᠴᠣᠬᠢᠭᠠᠳ ᠳᠤᠰᠤᠭᠰᠠᠨ ᠵᠠᠢ᠃ ᠮᠣᠩᠭᠤᠯᠴᠤᠳ ᠠᠪᠠ ᠠᠶᠠᠨ ᠳᠤ | ᠬᠡᠭᠡᠷ᠎ᠡ ᠬᠥᠳᠡᠭᠡ ᠶᠠᠪᠤᠬᠤ ᠳᠤ ᠪᠠᠨ ᠮᠠᠬᠢᠷ ᠦᠵᠦᠭᠦᠷ ᠲᠤ ᠪᠠᠨ ᠵᠡᠰ ᠭᠠᠤᠯᠢ ᠪᠠᠷ ᠴᠢᠳᠬᠤᠭᠰᠠᠨ ᠳᠡᠭᠦᠵᠢᠩ ᠲᠠᠢ | ᠰᠢᠳᠠᠮ ᠪᠠᠷᠢᠵᠤ ᠶᠠᠪᠤᠳᠠᠭ᠂ ᠡᠭᠦᠨ ᠢ ᠪᠢᠯᠠᠭᠤ ᠭᠡᠨ᠎ᠡ᠃ ᠠᠩ ᠠᠷᠢᠶᠠᠲᠠᠨ ᠢ ᠴᠣᠬᠢᠬᠤ ᠳᠤ ᠬᠡᠷᠡᠭᠯᠡᠳᠡᠭ᠃ | ᠠᠷᠭᠠᠮᠵᠢᠶ᠎ᠠ ᠶᠢᠨ ᠭᠠᠵᠠᠷ᠄ 50 - 100 ᠮᠧᠳ᠋ᠷ ᠵᠠᠶᠢᠲᠠᠢ᠃ ᠭᠡᠷ ᠪᠠ ᠮᠠᠯ ᠠᠷᠭᠠᠮᠵᠢᠭᠰᠠᠨ ᠭᠠᠵᠠᠷ ᠤᠨ | ᠬᠤᠭᠤᠷᠤᠠᠳᠤᠬᠢ ᠵᠠᠢ᠃ ᠮᠣᠩᠭᠤᠯᠴᠤᠳ ᠠᠳᠤᠭᠤ ᠮᠠᠯ ᠢ ᠠᠷᠭᠠᠮᠵᠢᠨ ᠠᠷᠠᠴᠢᠯᠠᠬᠤ ᠳᠤ ᠪᠠᠨ ᠶᠡᠷᠦ ᠳᠤ ᠪᠠᠨ ᠭᠡᠷ | ᠪᠠᠭᠤᠴᠠ ᠠᠴᠠ ᠣᠶᠢᠷ᠎ᠠ᠂ ᠨᠢᠳᠦᠨ ᠬᠠᠷᠠᠭᠠᠨ ᠳᠤ ᠢᠯᠡ ᠭᠠᠵᠠᠷ ᠠᠷᠭᠠᠮᠵᠢᠳᠠᠭ᠃ ᠠᠷᠭᠠᠮᠵᠢᠶ᠎ᠠ ᠶᠢᠨ ᠭᠠᠵᠠᠷ ᠭᠡᠵᠦ | ᠬᠤᠯᠠ ᠣᠶᠢᠷ᠎ᠠ ᠶᠢ ᠪᠠᠷᠤᠭᠴᠠᠭᠠᠯᠠᠭᠰᠠᠨ ᠬᠡᠮᠵᠢᠭᠦᠷ ᠪᠤᠯᠬᠤ ᠶᠢᠨ ᠬᠠᠮᠲᠤ ᠪᠠᠰᠠ ᠭᠠᠵᠠᠷ ᠤᠨ ᠵᠠᠢ ᠶᠢ ᠬᠤᠯᠠ ᠪᠢᠰᠢ᠂ | ᠡᠨᠡᠭᠦᠬᠡᠨ ᠳᠤ ᠭᠡᠵᠦ ᠴᠢᠮᠠᠯᠠᠨ ᠪᠠᠰᠤᠭᠰᠠᠨ ᠤᠳᠬ᠎ᠠ ᠲᠠᠢ ᠪᠠᠶᠢᠳᠠᠭ᠃ | ᠨᠤᠮᠤᠨ ᠤ ᠭᠠᠵᠠᠷ᠄ ᠪᠠᠷᠤᠭ 215 ᠮᠧᠳ᠋ᠷ ᠲᠠᠢ ᠲᠡᠩᠴᠡᠭᠦᠦ ᠪᠤᠶᠤ 130 ᠠᠯᠳᠠ ᠣᠷᠴᠢᠮ᠃ ᠰᠤᠮᠤ ᠶᠢ | ᠬᠠᠷᠪᠤᠭᠠᠳ ᠬᠦᠷᠬᠦᠶᠢᠴᠡ ᠵᠠᠢ᠃ ᠡᠨᠡ ᠨᠢ ᠨᠤᠮᠤ ᠰᠤᠮᠤᠨ ᠤ ᠪᠦᠲᠦᠴᠡ ᠡᠳ᠋ᠯᠡᠯ ᠪᠠ ᠬᠠᠷᠪᠤᠬᠤ ᠬᠥᠮᠥᠨ ᠤ ᠪᠢᠷ᠎ᠠ | ᠴᠢᠳᠠᠯ ᠤᠨ ᠠᠳᠠᠯᠢ ᠪᠤᠰᠤ ᠳᠤ ᠬᠤᠯᠪᠣᠭᠳᠠᠬᠤ ᠠᠳᠠᠯᠢ ᠪᠤᠰᠤ ᠬᠡᠮᠵᠢᠶ᠎ᠡ ᠬᠡᠳᠡᠭ ᠪᠤᠯᠪᠠᠴᠤ ᠦᠨᠳᠦᠰᠦᠨ ᠳᠤ ᠪᠠᠨ | ᠤᠢᠢᠷᠠᠯᠴᠠᠭ᠎ᠠ ᠪᠠᠶᠢᠳᠠᠭ᠃ | ᠴᠢᠯᠠᠭᠤ ᠴᠣᠬᠢᠮᠠ ᠭᠠᠵᠠᠷ᠄ ᠪᠠᠷᠤᠭ 30 ᠮᠧᠳ᠋ᠷ ᠲᠠᠢ ᠲᠡᠩᠴᠡᠭᠦᠦ ᠪᠤᠶᠤ 9 ᠬᠤᠣᠰ ᠠᠯᠳᠠ ᠵᠠᠢ ᠶᠢ | ᠵᠢᠭᠠᠳᠠᠭ᠃ ᠬᠥᠮᠥᠰ ᠴᠢᠯᠠᠭᠤ ᠰᠢᠳᠡᠭᠡᠳ ᠬᠦᠷᠬᠦᠶᠢᠴᠡ ᠵᠠᠢ᠃ | ᠲᠠᠭᠤᠨ ᠤ ᠭᠠᠵᠠᠷ᠄ ᠪᠠᠷᠤᠭ 1 ᠺᠢᠯᠤᠮᠧᠳ᠋ᠷ ᠣᠷᠴᠢᠮ ᠵᠠᠶᠢᠲᠠᠢ᠃ ᠳᠠᠷᠤᠢ ᠲᠠᠭᠤ ᠬᠦᠷᠬᠦ ᠭᠠᠵᠠᠷ ᠢ ᠬᠡᠯᠡᠨ᠎ᠡ᠃ | ᠬᠤᠶᠠᠷ ᠬᠥᠮᠥᠨ ᠲᠠᠭᠤ ᠲᠠᠭᠤ ᠪᠠᠨ ᠠᠪᠤᠯᠴᠠᠵᠤ ᠳᠡᠶᠢᠯᠬᠦᠶᠢᠴᠡ ᠵᠠᠢ᠃ ᠭᠡᠪᠡᠴᠦ ᠲᠠᠭᠤ ᠰᠣᠨᠣᠰᠳᠠᠬᠤ ᠭᠠᠵᠠᠷ ᠤᠨ | ᠵᠠᠢ ᠶᠢ ᠲᠣᠭᠲᠠᠭᠠᠬᠤ ᠳᠤ ᠲᠠᠭᠤᠨ ᠤ ᠶᠡᠭᠡ ᠪᠠᠭ᠎ᠠ ᠲᠠᠢ ᠰᠢᠭᠤᠳ ᠬᠤᠯᠪᠣᠭᠳᠠᠬᠤ ᠤᠴᠢᠷ ᠠᠴᠠ ᠡᠨᠡ ᠬᠦ ᠬᠡᠮᠵᠢᠭᠳᠡᠯ | ᠨᠢ ᠣᠨᠣᠪᠴᠢᠲᠤ ᠴᠢᠨᠠᠷ ᠢᠶᠠᠷ ᠪᠠᠭ᠎ᠠ ᠪᠠᠶᠢᠳᠠᠭ᠃ | ᠨᠢᠳᠦᠨ ᠪᠠᠷ᠎ᠡ ᠶᠢᠨ ᠭᠠᠵᠠᠷ᠄ ᠪᠠᠷᠤᠭ 5 ᠺᠢᠯᠤᠮᠧᠳ᠋ᠷ ᠣᠷᠴᠢᠮ᠃ ᠨᠢᠳᠦᠨ ᠬᠠᠷᠠᠭᠠᠨ ᠳᠤ ᠣᠷᠣᠵᠤ ᠪᠠᠶᠢᠭ᠎ᠠ | ᠬᠠᠮᠤᠭ ᠤᠨ ᠬᠤᠯᠠ ᠵᠠᠢ᠃ ᠳᠠᠷᠤᠢ ᠬᠠᠷᠠᠭ᠎ᠠ ᠬᠦᠷᠬᠦ ᠭᠠᠵᠠᠷ ᠢ ᠬᠡᠯᠡᠨ᠎ᠡ᠃ | ᠨᠢᠭᠡ ᠪᠠᠷ᠎ᠠ ᠶᠢᠨ ᠭᠠᠵᠠᠷ᠄ ᠨᠢᠳᠦᠨ ᠪᠠᠷ᠎ᠡ ᠶᠢᠨ ᠭᠠᠵᠠᠷ ᠲᠠᠢ ᠬᠡᠮᠵᠢᠶ᠎ᠡ ᠪᠠ ᠠᠭᠤᠯᠭ᠎ᠠ ᠨᠢ ᠠᠳᠠᠯᠢ᠃ | ᠬᠠᠷᠠᠭᠠᠨ ᠤ ᠭᠠᠵᠠᠷ᠄ ᠨᠢᠳᠦᠨ ᠪᠠᠷ᠎ᠡ ᠶᠢᠨ ᠭᠠᠵᠠᠷ ᠲᠠᠢ ᠬᠡᠮᠵᠢᠶ᠎ᠡ ᠪᠠ ᠠᠭᠤᠯᠭ᠎ᠠ ᠨᠢ ᠠᠳᠠᠯᠢ᠃ | ᠨᠢᠭᠡ ᠳᠡᠭᠡᠰᠦᠨ ᠤ ᠭᠠᠵᠠᠷ᠄ ᠪᠠᠷᠤᠭ 60 ᠮᠧᠳ᠋ᠷ ᠵᠠᠢ ᠶᠢ ᠵᠢᠭᠠᠳᠠᠭ᠃ ᠭᠠᠵᠠᠷ ᠢ ᠳᠡᠭᠡᠰᠦᠯᠡᠵᠦ ᠬᠡᠮᠵᠢᠬᠦ | ᠪᠣᠯᠤᠭᠰᠠᠨ ᠠᠴᠠ ᠬᠤᠶᠢᠰᠢ ᠭᠠᠷᠤᠭᠰᠠᠨ ᠬᠡᠮᠵᠢᠭᠦᠷ᠃ ᠳᠡᠭᠡᠷ᠎ᠡ ᠦᠶ᠎ᠡ ᠳᠤ ᠬᠤᠰᠢᠭᠤ᠂ ᠠᠶᠢᠮᠠᠭ᠂ ᠤᠯᠤᠰ ᠤᠨ ᠬᠢᠯᠢ | ᠬᠢᠵᠠᠭᠠᠷ ᠢ ᠳᠡᠭᠡᠰᠦ ᠪᠠᠷ ᠬᠡᠮᠵᠢᠵᠦ ᠲᠣᠭᠲᠠᠭᠠᠳᠠᠭ ᠪᠠᠶᠢᠪᠠ᠃ ᠴᠢᠩ ᠤᠯᠤᠰ ᠤᠨ ᠦᠶ᠎ᠡ ᠳᠤ ᠭᠠᠵᠠᠷ ᠰᠢᠷᠣᠢ | ᠳᠡᠭᠡᠰᠦᠯᠡᠨ ᠬᠤᠳᠠᠯᠳᠤᠬᠤ ᠶᠠᠪᠤᠳᠠᠯ ᠬᠦᠨᠳᠦ ᠨᠣᠴᠢᠲᠠᠢ ᠣᠷᠣᠰᠢᠵᠤ ᠪᠠᠶᠢᠵᠠᠢ᠃ ᠨᠢᠭᠡ ᠳᠡᠭᠡᠰᠦ᠄ 18 | ᠬᠤᠣᠰ ᠠᠯᠳᠠ ᠶᠢ ᠨᠢᠭᠡ ᠳᠡᠭᠡᠰᠦ ᠪᠣᠯᠭᠠᠳᠠᠭ᠃ ᠲᠠᠷᠢᠶᠠᠯᠠᠩ ᠢ ᠳᠡᠭᠡᠰᠦᠯᠡᠨ ᠪᠤᠳᠤᠳᠠᠭ᠃ ᠰᠠᠭᠠᠬᠠᠯᠲᠠ ᠶᠢᠨ ᠭᠠᠵᠠᠷ᠄ | ᠪᠠᠷᠤᠭ 2 ᠺᠢᠯᠤᠮᠧᠳ᠋ᠷ ᠬᠢᠷᠢᠲᠡᠢ᠃ ᠨᠡᠭᠦᠳᠡᠯᠴᠢᠨ ᠮᠠᠯᠴᠢᠳ ᠠᠶᠢᠯ ᠬᠥᠷᠰᠢ ᠰᠠᠭᠤᠬᠤ ᠳᠤ ᠬᠠᠶᠠᠭ᠎ᠠ ᠳᠠᠷᠤᠵᠤ | ᠰᠠᠭᠤᠬᠤ ᠨᠢ ᠴᠥᠭᠡᠨ᠂ ᠠᠶᠢᠯ ᠰᠠᠭᠠᠬᠠᠯᠲᠠ ᠬᠤᠭᠤᠷᠣᠨᠳᠤ ᠪᠠᠨ ᠵᠣᠬᠢᠬᠤ ᠵᠠᠶᠢᠲᠠᠢ ᠪᠠᠶᠢᠳᠠᠭ᠃ ᠭᠡᠪᠡᠴᠦ ᠥᠷᠭᠡᠨ | ᠠᠭᠤᠳᠠᠮ ᠨᠤᠲᠤᠭ ᠪᠡᠯᠴᠢᠭᠡᠷ ᠲᠤ ᠠᠮᠢᠳᠤᠷᠠᠵᠤ ᠰᠤᠷᠤᠬᠰᠠᠨ ᠮᠣᠩᠭᠤᠯᠴᠤᠳ ᠲᠤ ᠰᠠᠭᠠᠬᠠᠯᠲᠠ ᠶᠢᠨ ᠭᠠᠵᠠᠷ ᠭᠡᠭᠴᠢ | ᠣᠶᠢᠷ᠎ᠠ ᠵᠠᠭᠤᠷ᠎ᠠ ᠭᠡᠬᠦ ᠤᠳᠬ᠎ᠠ ᠲᠠᠢ ᠪᠠᠶᠢᠳᠠᠭ᠃ | ᠣᠶᠢᠷ᠎ᠠ ᠰᠠᠭᠠᠬᠠᠯᠲᠠ᠄ 1 - 2 ᠺᠢᠯᠤᠮᠧᠳ᠋ᠷ ᠬᠢᠷᠢᠲᠡᠢ᠃ ᠬᠠᠮᠤᠭ ᠤᠨ ᠣᠶᠢᠷ᠎ᠠ ᠵᠠᠶᠢᠲᠠᠢ ᠠᠶᠢᠯ ᠰᠠᠭᠠᠬᠠᠯᠲᠠ᠃ | ᠬᠤᠯᠠ ᠰᠠᠭᠠᠬᠠᠯᠲᠠ᠄ 3 - 5 ᠺᠢᠯᠤᠮᠧᠳ᠋ᠷ ᠬᠢᠷᠢᠲᠡᠢ᠃ ᠬᠠᠮᠤᠭ ᠤᠨ ᠬᠤᠯᠠ ᠵᠠᠶᠢᠲᠠᠢ ᠠᠶᠢᠯ ᠰᠠᠭᠠᠬᠠᠯᠲᠠ᠃ | ᠬᠤᠷᠠᠭᠠᠨ ᠪᠡᠯᠴᠢᠭᠡᠷ᠄ ᠪᠠᠷᠤᠭ ᠬᠠᠭᠠᠰ ᠺᠢᠯᠤᠮᠧᠳ᠋ᠷ ᠬᠢᠷᠢᠲᠡᠢ ᠵᠠᠢ ᠶᠢ ᠬᠡᠯᠡᠨ᠎ᠡ᠃ ᠭᠡᠷ ᠠᠴᠠ ᠬᠠᠮᠤᠭ ᠤᠨ | ᠣᠶᠢᠷᠠᠬᠠᠨ ᠮᠠᠯ ᠤᠨ ᠪᠡᠯᠴᠢᠭᠡᠷ᠃ ᠭᠤᠣᠯᠳᠠᠭᠤ ᠭᠡᠷ ᠠᠴᠠ ᠣᠶᠢᠷᠠᠬᠠᠨ ᠪᠤᠯᠬᠤ ᠶᠢ ᠵᠢᠭᠠᠨ᠎ᠠ᠃ | ᠲᠤᠭᠤᠯ ᠤᠨ ᠪᠡᠯᠴᠢᠭᠡᠷ᠄ 1 ᠺᠢᠯᠤᠮᠧᠳ᠋ᠷ ᠬᠢᠷᠢᠲᠡᠢ ᠭᠠᠵᠠᠷ ᠤᠨ ᠵᠠᠢ ᠶᠢ ᠵᠢᠭᠠᠳᠠᠭ᠃ ᠬᠤᠳᠠ ᠭᠡᠷ | ᠣᠶᠢᠷᠠᠯᠴᠠᠭᠠᠬᠢ ᠵᠠᠢ᠃ ᠠᠷᠠᠳ ᠤᠨ ᠠᠮᠠᠨ ᠶᠠᠷᠢᠶᠠᠨ ᠳᠤ ︽ᠲᠤᠭᠤᠯ ᠤᠨ ᠪᠡᠯᠴᠢᠭᠡᠷ ᠠᠴᠠ ᠭᠠᠷᠤᠭᠠᠳᠤᠢ ᠬᠥᠮᠥᠨ︾ | ᠭᠡᠵᠦ ᠬᠡᠯᠡᠳᠡᠭ᠃ ᠳᠡᠷᠡ ᠨᠢ ᠬᠤᠯᠠ ᠶᠠᠪᠤᠵᠤ ᠶᠡᠭᠡ ᠶᠢ ᠦᠵᠡᠭᠡᠳᠦᠢ ᠬᠥᠮᠥᠨ ᠢ ᠪᠠᠰᠤᠮᠵᠢᠯᠠᠵᠤ ᠬᠡᠯᠡᠭᠰᠡᠨ ᠦᠭᠡ | ᠪᠣᠯᠣᠨ᠎ᠠ᠃ | ᠬᠤᠨᠢᠨ ᠤ ᠪᠡᠯᠴᠢᠭᠡᠷ᠄ ᠪᠠᠷᠤᠭ 2 ᠺᠢᠯᠤᠮᠧᠳ᠋ᠷ ᠬᠢᠷᠢᠲᠡᠢ ᠵᠠᠢ ᠶᠢ ᠵᠢᠭᠠᠳᠠᠭ᠃ ᠠᠳᠤᠭᠤ ᠮᠠᠯ ᠢ | ᠪᠡᠯᠴᠢᠭᠡᠷᠯᠡᠭᠦᠯᠬᠦ ᠳᠤ ᠬᠤᠯᠠ ᠣᠶᠢᠷ᠎ᠠ ᠶᠢᠨ ᠬᠡᠮᠵᠢᠶ᠎ᠡ ᠠᠳᠠᠯᠢ ᠪᠤᠰᠤ ᠪᠠᠶᠢᠳᠠᠭ᠃ ᠮᠣᠩᠭᠤᠯᠴᠤᠳ ᠶᠡᠷᠦ ᠠᠴᠠ ᠪᠤᠬ | ᠮᠠᠯ ᠢ ᠣᠶᠢᠷ᠎ᠠ ᠵᠠᠭᠤᠷ᠎ᠠ ᠪᠡᠯᠴᠢᠭᠡᠷᠯᠡᠭᠦᠯᠵᠦ᠂ ᠪᠤᠳᠠ ᠮᠠᠯ ᠢ ᠬᠤᠳᠠ ᠠᠴᠠ ᠵᠠᠶᠢᠳᠠᠭᠤ ᠪᠡᠯᠴᠢᠭᠡᠷᠯᠡᠭᠦᠯᠳᠡᠭ ᠵᠠᠩᠰᠢᠯ ᠲᠠᠢ᠃ | ᠬᠤᠨᠢᠨ ᠤ ᠪᠡᠯᠴᠢᠭᠡᠷ ᠴᠣᠬᠤᠮ ᠬᠡᠳᠦᠢ ᠬᠤᠯᠠ ᠪᠠᠶᠢᠬᠤ ᠲᠤᠬᠠᠢ ᠨᠠᠷᠢᠨ ᠲᠣᠭᠲᠠᠭᠠᠯ ᠪᠠᠶᠢᠳᠠᠭ ᠦᠭᠡᠢ ᠴᠤ | ᠬᠤᠨᠢᠨ ᠤ ᠪᠡᠯᠴᠢᠭᠡᠷ ᠭᠡᠵᠦ ᠪᠤᠳᠠ ᠮᠠᠯ ᠤᠨ ᠪᠡᠯᠴᠢᠭᠡᠷ ᠲᠠᠢ ᠬᠠᠷᠢᠴᠠᠭᠤᠯᠪᠠᠯ᠂ ᠭᠡᠷ ᠠᠴᠠ ᠣᠶᠢᠷᠠᠬᠠᠨ ᠰᠢᠭ᠋ ᠵᠠᠢ ᠶᠢ | ᠬᠡᠯᠡᠳᠡᠭ᠃ | ᠠᠳᠤᠭᠤᠨ ᠤ ᠪᠡᠯᠴᠢᠭᠡᠷ᠄ ᠪᠠᠷᠤᠭ 10 ᠺᠢᠯᠤᠮᠧᠳ᠋ᠷ ᠭᠠᠵᠠᠷ ᠤᠨ ᠵᠠᠢ ᠶᠢ ᠵᠢᠭᠠᠳᠠᠭ᠃ ᠠᠳᠤᠭᠤ ᠪᠣᠯ ᠬᠥᠯ | ᠬᠥᠩᠭᠡᠨ᠂ ᠶᠠᠪᠤᠬᠤ ᠨᠢ ᠬᠤᠷᠳᠤᠨ ᠲᠤᠯᠠ ᠠᠳᠤᠭᠤᠨ ᠤ ᠪᠡᠯᠴᠢᠭᠡᠷ ᠭᠡᠪᠡᠯ ᠨᠡᠯᠢᠶᠡᠳ ᠬᠤᠯᠠ ᠶᠢ ᠵᠢᠭᠠᠪᠠᠯ ᠵᠣᠬᠢᠰᠲᠠᠢ | ᠶᠤᠮ᠃ ᠭᠡᠪᠡᠴᠦ ᠠᠷᠠᠳ ᠤᠨ ᠬᠡᠯᠡᠯᠭᠡ ᠳᠤ ᠠᠳᠤᠭᠤᠨ ᠤ ᠪᠡᠯᠴᠢᠭᠡᠷ ᠬᠡᠳᠡᠭ ᠨᠢ ᠲᠠᠶᠢᠮᠤ ᠬᠤᠯᠠ ᠶᠢ ᠵᠢᠭᠠᠳᠠᠭ ᠦᠭᠡᠢ᠃ | ᠡᠷ᠎ᠡ ᠬᠥᠮᠥᠨ ᠢ ᠬᠤᠯᠠ ᠶᠠᠪᠤᠵᠤ ᠶᠡᠭᠡ ᠶᠢ ᠦᠵᠡᠭᠰᠡᠨ ᠦᠭᠡᠢ ᠭᠡᠵᠦ ᠪᠠᠰᠤᠬᠤ ᠤᠳᠬ᠎ᠠ ᠪᠠᠷ ︽ᠠᠳᠤᠭᠤᠨ ᠤ | ᠪᠡᠯᠴᠢᠭᠡᠷ ᠠᠴᠠ ᠬᠤᠯᠠᠳᠠᠭᠰᠠᠨ ᠦᠭᠡᠢ︾ ᠭᠡᠵᠦ ᠬᠡᠯᠡᠳᠡᠭ ᠨᠢ ᠠᠳᠤᠭᠤᠨ ᠤ ᠪᠡᠯᠴᠢᠭᠡᠷ ᠨᠢᠭᠡ ᠶᠣᠰᠣᠨ ᠳᠤ ᠪᠠᠨ | ᠣᠶᠢᠷ᠎ᠠ ᠵᠠᠢ ᠶᠢ ᠵᠢᠭᠠᠭᠰᠠᠨ ᠪᠠᠶᠢᠳᠠᠭ᠃ | ᠮᠣᠷᠢ ᠲᠠᠯᠪᠢᠬᠤ ᠭᠠᠵᠠᠷ᠄ 10 - 20 ᠺᠢᠯᠤᠮᠧᠳ᠋ᠷ ᠵᠠᠶᠢᠲᠠᠢ᠃ ᠭᠡᠷ ᠠᠴᠠ ᠠᠳᠤᠭᠤᠨ ᠤ ᠪᠡᠯᠴᠢᠭᠡᠷ ᠬᠦᠷᠬᠦ ᠵᠠᠢ᠃ | ᠠᠳᠤᠭᠤ ᠪᠡᠯᠴᠢᠭᠡᠬᠦ ᠭᠠᠵᠠᠷ ᠢ ᠵᠢᠭᠠᠳᠠᠭ᠃ | ᠮᠣᠷᠢ ᠲᠠᠷᠯᠠᠬᠤ ᠭᠠᠵᠠᠷ᠄ 1 - 5 ᠺᠢᠯᠤᠮᠧᠳ᠋ᠷ ᠵᠠᠶᠢᠲᠠᠢ᠃ ᠮᠣᠷᠢ ᠤᠷᠤᠯᠳᠤᠭᠤᠯᠵᠤ ᠪᠣᠯᠪᠠᠰᠤᠷᠠᠬᠤ ᠵᠠᠢ᠃ ᠮᠣᠷᠢ | ᠬᠥᠯᠥᠰᠦᠯᠡᠬᠦ ᠭᠠᠵᠠᠷ᠄ 10 - 20 ᠺᠢᠯᠤᠮᠧᠳ᠋ᠷ ᠵᠠᠶᠢᠲᠠᠢ᠃ ᠰᠣᠶᠢᠯᠲᠠ ᠶᠢᠨ ᠮᠣᠷᠢ ᠶᠢ ᠤᠷᠤᠯᠳᠤᠭᠤᠯᠵᠤ ᠬᠥᠯᠥᠰᠦ | ᠭᠠᠷᠭᠠᠬᠤ ᠵᠠᠢ᠃ | ᠨᠢᠭᠡ ᠥᠨᠳᠡᠶᠢᠮᠡ ᠭᠠᠵᠠᠷ᠄ ᠪᠠᠷᠤᠭ 4 ᠺᠢᠯᠤᠮᠧᠳ᠋ᠷ ᠵᠠᠶᠢᠲᠠᠢ᠃ ᠮᠣᠷᠢᠲᠠᠢ ᠬᠥᠮᠥᠨ ᠤᠨᠤᠭ᠎ᠠ ᠮᠣᠷᠢ ᠪᠠᠨ ᠨᠢᠭᠡ | ᠤᠳᠠᠭ᠎ᠠ ᠳᠣᠪᠲᠣᠯᠭᠠᠬᠤ ᠳᠤ ᠬᠤᠷᠣᠭᠠᠬᠤ ᠵᠠᠮ ᠤᠨ ᠤᠷᠳᠤ᠃ ᠭᠠᠵᠠᠷ ᠤᠨ ᠪᠠᠶᠢᠴᠠ᠂ ᠮᠣᠷᠢᠨ ᠤ ᠪᠡᠶ᠎ᠡ ᠴᠢᠳᠠᠯ | ᠠᠳᠠᠯᠢ ᠪᠤᠰᠤ᠂ ᠨᠢᠭᠡ ᠥᠨᠳᠡᠶᠢᠬᠦ ᠳᠤ ᠬᠡᠴᠢᠨᠡᠭᠡᠨ ᠭᠠᠵᠠᠷ ᠬᠤᠷᠣᠭᠠᠬᠤ ᠨᠢ ᠠᠳᠠᠯᠢ ᠦᠭᠡᠢ ᠪᠣᠯᠬᠤᠷ ᠡᠨᠡ ᠨᠢ | ᠳᠤᠮᠳᠠᠴᠢ ᠲᠤᠭ᠎ᠠ ᠪᠣᠯᠣᠨ᠎ᠠ᠃ ᠬᠥᠮᠥᠰ ᠶᠡᠷᠦ ᠳᠤ ᠪᠠᠨ ᠬᠤᠯᠠ ᠣᠶᠢᠷ᠎ᠠ ᠶᠢᠨ ᠬᠡᠮᠵᠢᠶ᠎ᠡ ᠶᠢ ᠵᠢᠱᠢᠵᠦ ᠴᠢᠮᠠᠯᠠᠨ | ᠬᠡᠯᠡᠯᠴᠡᠬᠦ ᠳᠤ ᠨᠢᠭᠡ ᠥᠨᠳᠡᠶᠢᠮᠡ ᠭᠠᠵᠠᠷ ᠭᠡᠳᠡᠭ᠃ | ᠬᠠᠲᠠᠷᠢᠶ᠎ᠠ ᠶᠢᠨ ᠭᠠᠵᠠᠷ᠄ ᠪᠠᠯᠠᠷᠬᠠᠢ ᠲᠤᠭ᠎ᠠ᠃ ᠮᠣᠷᠢᠲᠠᠢ ᠬᠥᠮᠥᠨ ᠨᠢᠭᠡ ᠤᠳᠠᠭ᠎ᠠ ᠰᠠᠶᠢᠨ ᠬᠠᠲᠠᠷᠢᠭᠤᠯᠬᠤ ᠳᠤ | ᠬᠤᠷᠣᠭᠠᠬᠤ ᠵᠠᠮ ᠤᠨ ᠤᠷᠳᠤ᠃ ᠭᠠᠵᠠᠷ ᠤᠨ ᠪᠠᠶᠢᠴᠠ ᠪᠠ ᠮᠣᠷᠢᠨ ᠤ ᠪᠡᠶ᠎ᠡ ᠴᠢᠳᠠᠯ ᠠᠳᠠᠯᠢ ᠦᠭᠡᠢ ᠪᠠᠶᠢᠳᠠᠭ | ᠪᠣᠯᠬᠤᠷ ᠨᠢᠭᠡ ᠤᠳᠠᠭ᠎ᠠ ᠬᠠᠲᠠᠷᠢᠭᠤᠯᠬᠤ ᠳᠤ ᠴᠣᠬᠤᠮ ᠬᠡᠳᠦᠢ ᠭᠠᠵᠠᠷ ᠬᠤᠷᠣᠭᠠᠬᠤ ᠨᠢ ᠠᠳᠠᠯᠢ ᠦᠭᠡᠢ ᠪᠠᠶᠢᠳᠠᠭ᠃ | ᠡᠨᠡ ᠨᠢ ᠬᠠᠷᠢᠴᠠᠩᠭᠤᠢ ᠪᠠᠷ ᠤᠷᠤᠯᠳᠤᠭᠠᠨ ᠤ ᠮᠣᠷᠢᠨ ᠠᠴᠠ ᠤᠳᠠᠭᠠᠨ ᠰᠢᠭ᠋᠂ ᠰᠤᠯᠠ ᠠᠯᠬᠤᠯᠠᠭᠰᠠᠨ ᠮᠣᠷᠢᠨ ᠠᠴᠠ | ᠬᠤᠷᠳᠤᠨ ᠪᠠᠶᠢᠳᠠᠭ᠃ | ᠨᠡᠭᠦᠳᠡᠯ ᠤᠨ ᠭᠠᠵᠠᠷ᠄ ᠪᠠᠷᠤᠭ 15 ᠺᠢᠯᠤᠮᠧᠳ᠋ᠷ ᠵᠠᠶᠢᠲᠠᠢ ᠭᠠᠵᠠᠷ ᠢ ᠬᠡᠯᠡᠨ᠎ᠡ᠃ ᠣᠲᠣᠷᠴᠢᠳ ᠤᠨ ᠨᠢᠭᠡ | ᠤᠳᠠᠭ᠎ᠠ ᠨᠡᠭᠦᠬᠦ ᠵᠠᠢ᠃ ᠪᠡᠯᠴᠢᠭᠡᠷ ᠤᠰᠤ᠂ ᠴᠠᠭ ᠤᠯᠠᠷᠢᠯ ᠤᠨ ᠠᠳᠠᠯᠢ ᠪᠤᠰᠤ ᠠᠴᠠ ᠰᠢᠯᠲᠠᠭᠠᠯᠠᠵᠤ ᠨᠡᠭᠦᠳᠡᠯ ᠤᠨ | ᠬᠤᠯᠠ ᠣᠶᠢᠷ᠎ᠠ ᠠᠳᠠᠯᠢ ᠦᠭᠡᠢ ᠪᠠᠶᠢᠳᠠᠭ ᠪᠤᠯᠪᠠᠴᠤ ᠶᠡᠷᠦ ᠶᠢᠨ ᠪᠠᠶᠢᠳᠠᠯ ᠳᠠᠬᠢ ᠳᠤᠮᠳᠠᠴᠢᠯᠠᠭᠰᠠᠨ ᠲᠤᠭ᠎ᠠ ᠮᠥᠨ᠃ | ᠥᠷᠲᠡᠭᠡᠨ ᠤ ᠭᠠᠵᠠᠷ᠄ ᠪᠠᠷᠤᠭ 30 ᠺᠢᠯᠤᠮᠧᠳ᠋ᠷ ᠵᠠᠶᠢᠲᠠᠢ ᠭᠠᠵᠠᠷ ᠪᠣᠯᠣᠨ᠎ᠠ᠃ ᠮᠣᠩᠭᠤᠯ ᠤᠨ ︽ᠭᠠᠵᠠᠷ︾ | ᠬᠡᠳᠡᠭ ᠬᠡᠮᠵᠢᠭᠦᠷ ᠢᠶᠠᠷ ᠶᠡᠷᠦ ᠨᠢ ᠲᠠᠪᠢ᠂ ᠵᠢᠷᠠᠨ ᠤ ᠭᠠᠵᠠᠷ ᠪᠠᠶᠢᠳᠠᠭ᠃ ᠮᠣᠩᠭᠤᠯ ᠭᠠᠵᠠᠷ ᠲᠤ ᠤᠯᠠᠭ᠎ᠠ ᠦᠷᠳᠡᠭᠡ | ᠪᠤᠢ ᠪᠣᠯᠤᠭᠰᠠᠨ ᠠᠴᠠ ᠬᠤᠶᠢᠰᠢ ᠭᠠᠵᠠᠷ ᠤᠨ ᠵᠠᠢ ᠶᠢ ᠬᠡᠳᠦᠨ ᠥᠷᠲᠡᠭᠡ ᠭᠡᠵᠦ ᠵᠢᠱᠢᠶᠡᠯᠡᠨ ᠬᠡᠮᠵᠢᠬᠦ ᠶᠠᠪᠤᠳᠠᠯ | ᠠᠷᠪᠢᠨ ᠪᠠᠶᠢᠪᠠ᠃ | ᠨᠢᠭᠡ ᠪᠠᠭᠤᠳᠠᠯ ᠤᠨ ᠭᠠᠵᠠᠷ᠄ ᠪᠠᠷᠤᠭ 30 ᠺᠢᠯᠤᠮᠧᠳ᠋ᠷ᠃ ᠠᠶᠠᠨᠴᠢᠨ ᠵᠢᠩᠴᠢᠳ ᠨᠢᠭᠡ ᠬᠥᠳᠡᠯᠦᠭᠡᠳ | ᠠᠮᠠᠷᠠᠬᠤ ᠪᠤᠯᠳᠠᠯᠠᠬᠢ ᠬᠤᠷᠣᠭᠠᠭᠰᠠᠨ ᠵᠠᠮ ᠤᠨ ᠤᠷᠳᠤ᠃ ᠦᠳᠡ ᠳᠤ ᠪᠠᠭᠤᠳᠠᠯᠯᠠᠬᠤ ᠪᠠ ᠣᠷᠣᠢ ᠪᠠᠭᠤᠳᠠᠯᠯᠠᠬᠤ ᠨᠢ | ᠡᠳᠦᠢ ᠲᠡᠳᠦᠢ ᠠᠳᠠᠯᠢ ᠪᠤᠰᠤ ᠪᠠᠶᠢᠳᠠᠭ᠃ | ᠪᠠᠭ᠎ᠠ ᠦᠳᠡ ᠶᠢᠨ ᠭᠠᠵᠠᠷ᠄ 20 - 25 ᠺᠢᠯᠤᠮᠧᠳ᠋ᠷ ᠵᠠᠶᠢᠲᠠᠢ᠃ ᠡᠨᠡ ᠨᠢ ᠥᠷᠯᠥᠭᠡ ᠠᠴᠠ ᠦᠳᠡ ᠶᠢᠨ | ᠡᠮᠦᠨᠡᠬᠢ 10 ᠴᠠᠭ ᠬᠦᠷᠲᠡᠯᠡᠬᠢ ᠶᠠᠪᠤᠭᠰᠠᠨ ᠵᠠᠮ ᠤᠨ ᠤᠷᠳᠤ ᠶᠢ ᠵᠢᠭᠠᠳᠠᠭ᠃ | ᠦᠳᠡ ᠶᠢᠨ ᠭᠠᠵᠠᠷ᠄ ᠪᠠᠷᠤᠭ 45 ᠺᠢᠯᠤᠮᠧᠳ᠋ᠷ ᠣᠷᠴᠢᠮ ᠵᠠᠶᠢᠲᠠᠢ᠃ ᠠᠶᠠᠨᠴᠢᠨ ᠵᠢᠩᠴᠢᠨ ᠦᠦᠷ ᠢᠶᠠᠷ | ᠬᠥᠳᠡᠯᠵᠦ᠂ ᠠᠶᠠᠨ ᠵᠠᠮ ᠬᠥᠭᠡᠭᠡᠭᠡᠳ ᠦᠳᠡᠯᠡᠬᠦ ᠪᠤᠯᠳᠠᠯ᠎ᠠ ᠶᠠᠪᠤᠬᠤ ᠵᠠᠢ᠃ ᠶᠡᠷᠦ ᠶᠢᠨ ᠪᠠᠶᠢᠳᠠᠯ ᠳᠤ ᠬᠤᠶᠠᠷ ᠦᠷᠳᠡᠭᠡ | ᠣᠷᠴᠢᠮ ᠭᠠᠵᠠᠷ ᠢ ᠡᠳᠦᠷ ᠤᠨ ᠵᠠᠮ ︵ᠪᠣᠷᠣ ᠬᠤᠨᠤᠭ ᠤᠨ ᠭᠠᠵᠠᠷ︶ ᠬᠡᠳᠡᠭ᠃ ᠡᠶᠢᠮᠦ ᠠᠴᠠ ᠦᠳᠡ ᠶᠢᠨ ᠭᠠᠵᠠᠷ | ᠬᠡᠳᠡᠭ ᠨᠢ ᠨᠢᠭᠡ ᠦᠷᠳᠡᠭᠡ ᠣᠷᠴᠢᠮ ᠭᠠᠵᠠᠷ ᠪᠣᠯᠣᠨ᠎ᠠ᠃ ᠭᠡᠪᠡᠴᠦ ᠭᠠᠵᠠᠷ ᠭᠠᠵᠠᠷ ᠤᠨ ᠪᠠᠶᠢᠭᠠᠯᠢ ᠶᠢᠨ ᠣᠷᠴᠢᠨ | ᠠᠬᠤᠢ ᠶᠢᠨ ᠵᠥᠷᠢᠶ᠎ᠡ᠂ ᠠᠶᠠᠨ ᠵᠢᠩ ᠤᠨ ᠵᠣᠷᠢᠯᠭ᠎ᠠ᠂ ᠴᠠᠭ᠂ ᠤᠨᠤᠭ᠎ᠠ ᠬᠥᠰᠬᠡ ᠠᠳᠠᠯᠢ ᠪᠤᠰᠤ ᠠᠴᠠ ᠲᠤᠰ | ᠬᠡᠮᠵᠢᠭᠦᠷ ᠤᠨ ᠤᠷᠳᠤ ᠶᠢᠨ ᠬᠡᠮᠵᠢᠶ᠎ᠡ ᠨᠢ ᠨᠢᠭᠡᠳᠦᠯᠲᠡᠢ ᠪᠢᠰᠢ ᠪᠠᠶᠢᠳᠠᠭ᠃ | ᠡᠳᠦᠷ ᠤᠨ ᠭᠠᠵᠠᠷ᠄ ᠮᠣᠩᠭᠤᠯᠴᠤᠳ ᠮᠣᠷᠢ ᠶᠢᠨ ᠨᠢᠭᠡ ᠡᠳᠦᠷ ᠤᠨ ᠬᠤᠷᠣᠭᠠᠬᠤ ᠪᠠᠷᠢᠮᠵᠢᠶ᠎ᠠ ᠪᠠᠷ | ᠳᠤᠮᠳᠠᠴᠢ ᠪᠠᠷ 95 ᠺᠢᠯᠤᠮᠧᠳ᠋ᠷ ᠭᠠᠵᠠᠷ ᠢ ᠬᠡᠯᠡᠳᠡᠭ᠃ ᠠᠶᠠᠨᠴᠢᠨ ᠵᠢᠩᠴᠢᠳ ᠪᠦᠲᠦᠨ ᠨᠢᠭᠡ ᠡᠳᠦᠷ ︵ᠨᠠᠷᠠ | ᠮᠠᠨᠳᠤᠭᠰᠠᠨ ᠠᠴᠠ ᠰᠢᠩᠭᠡᠬᠦ ᠪᠤᠯᠳᠠᠯᠠᠬᠢ ᠴᠠᠭ︶ ᠵᠠᠮᠨᠠᠵᠤ ᠬᠤᠷᠣᠭᠠᠭᠰᠠᠨ ᠵᠠᠮ ᠤᠨ ᠤᠷᠳᠤ᠂ ᠪᠠᠰᠠ ᠡᠳᠦᠷ ᠤᠨ ᠵᠠᠮ | ᠬᠡᠳᠡᠭ᠃ ᠲᠡᠮᠡᠭᠡᠨ ᠵᠢᠩ᠂ ᠦᠬᠡᠷ ᠬᠠᠰᠠᠭ᠂ ᠮᠣᠷᠢᠨ ᠲᠡᠷᠭᠡ ᠭᠡᠬᠦ ᠮᠡᠲᠦ ᠠᠳᠠᠯᠢ ᠪᠤᠰᠤ ᠬᠤᠷᠳᠤᠴᠠ ᠪᠦᠬᠦᠢ ᠵᠦᠢᠯ ᠨᠢ | ᠬᠠᠩᠭᠠᠢ᠂ ᠡᠯᠡᠰᠦ᠂ ᠠᠭᠤᠯᠠᠷᠬᠠᠭ ᠵᠡᠷᠭᠡ ᠠᠳᠠᠯᠢ ᠪᠤᠰᠤ ᠵᠠᠮ ᠤᠨ ᠨᠥᠬᠦᠴᠡᠯ ᠳᠤ ᠨᠢᠭᠡᠴᠢ ᠡᠳᠦᠷ ᠲᠤ ᠶᠠᠪᠤᠬᠤ | ᠵᠠᠮ ᠤᠨ ᠤᠷᠳᠤ ᠠᠳᠠᠯᠢ ᠪᠤᠰᠤ ᠪᠠᠶᠢᠳᠠᠭ᠃ | ᠬᠤᠨᠤᠭ ᠤᠨ ᠭᠠᠵᠠᠷ᠄ ᠪᠠᠷᠤᠭ 125 ᠺᠢᠯᠤᠮᠧᠳ᠋ᠷ ᠵᠠᠶᠢᠲᠠᠢ᠃ ᠠᠶᠠᠨᠴᠢᠳ ᠡᠷᠲᠡ ᠪᠣᠰᠴᠤ ᠶᠠᠪᠤᠭᠠᠳ ᠣᠷᠣᠢ | ᠰᠢᠭ᠋ ᠪᠠᠭᠤᠳᠠᠯᠯᠠᠬᠤ ᠪᠠᠷ ᠪᠤᠳᠤᠪᠠᠯ᠂ ᠡᠳᠦᠷ ᠤᠨ ᠭᠠᠵᠠᠷ ᠠᠴᠠ ᠵᠢᠭᠠᠬᠠᠨ ᠢᠯᠡᠭᠦᠦ ᠰᠢᠭ ᠬᠤᠷᠣᠭᠠᠨᠠ᠃ | ᠰᠠᠷ᠎ᠠ ᠶᠢᠨ ᠭᠠᠵᠠᠷ᠄ ᠪᠠᠷᠤᠭ 2850 ᠺᠢᠯᠤᠮᠧᠳ᠋ᠷ ᠵᠠᠶᠢᠲᠠᠢ᠃ ᠡᠳᠦᠷ ᠪᠦᠷᠢ 95 ᠺᠢᠯᠤᠮᠧᠳ᠋ᠷ ᠶᠠᠪᠤᠬᠤ ᠪᠠᠷ | ᠪᠤᠳᠤᠪᠠᠯ᠂ ᠳᠠᠷᠤᠢ 95 ᠶᠢᠨ 30 ᠳᠠᠬᠢᠨ ᠪᠣᠯᠣᠨ᠎ᠠ᠃ | ᠵᠢᠯ ᠤᠨ ᠭᠠᠵᠠᠷ᠄ ᠪᠠᠷᠤᠭ 34200 ᠺᠢᠯᠤᠮᠧᠳ᠋ᠷ ᠵᠠᠶᠢᠲᠠᠢ᠃ ᠰᠠᠷ᠎ᠠ ᠪᠦᠷᠢ 2850 ᠺᠢᠯᠤᠮᠧᠳ᠋ᠷ ᠶᠠᠪᠤᠬᠤ ᠪᠠᠷ | ᠪᠤᠳᠤᠪᠠᠯ᠂ 2850 ᠺᠢᠯᠤᠮᠧᠳ᠋ᠷ ᠤᠨ 12 ᠲᠠᠬᠢᠨ ᠪᠣᠯᠣᠨ᠎ᠠ᠃ ᠡᠨᠡ ᠨᠢ ᠡᠳᠦᠷ ᠲᠤᠳᠤᠮ ᠵᠣᠭᠰᠣᠯ ᠦᠭᠡᠢ ᠶᠠᠪᠤᠬᠤ | ᠬᠦᠰᠡᠬᠦᠶᠢᠴᠡ ᠲᠤᠭ᠎ᠠ ᠲᠡᠳᠦᠢ᠃ | | | |