ᠣᠨᠢᠰᠤᠭ᠎ᠠ ᠰᠢᠭ᠋ ᠤᠢ ᠶᠢᠨ ᠣᠷᠴᠢᠯᠠᠩ
ᠨᠡᠶᠢᠲᠡᠯᠡᠭᠰᠡᠨ ᠴᠠᠭ᠄
2023/8/3
     ᠰᠢᠪᠠᠭᠤᠳ ᠵᠢᠷᠭᠢᠬᠦ ᠪᠠᠷ ᠪᠣᠰᠴᠤ᠂ ᠠᠷᠤ ᠰᠢᠯᠢ ᠶᠢᠨ ᠤᠢ ᠶᠢᠨ ᠵᠥᠷᠢᠭ ᠢᠶᠠᠷ ᠰᠠᠨᠠᠭᠠᠨ ᠤ ᠠᠶ᠎ᠠ ᠪᠠᠷ ᠠᠯᠬᠤᠬᠤ ᠳᠤ ᠦᠷ ᠤᠨ ᠰᠡᠪᠡᠯᠵᠡᠭᠰᠡᠨ ᠵᠢᠪᠠᠷ ᠰᠡᠪᠡᠯᠭᠡ ᠶᠢ ᠮᠢᠨᠢ ᠢᠯᠢᠵᠦ ᠠᠷᠢᠭᠤᠨ ᠲᠤᠩᠭᠠᠯᠠᠭ ᠠᠭᠠᠷ᠂ ᠠᠮᠢᠰᠬᠤᠯ ᠢᠶᠠᠷ ᠳᠣᠲᠣᠭᠰᠢᠯᠠᠭᠠᠳ ᠰᠡᠳᠬᠢᠯ ᠳᠤ ᠲᠠᠭᠠᠲᠠᠢ ᠪᠥᠭᠡᠳ ᠵᠢᠷᠭᠠᠯᠲᠠᠢ᠃ ᠡᠨᠡ ᠦᠶ᠎ᠡ ᠳᠤ ᠪᠢ ᠥᠪᠡᠷ ᠤᠨ ᠡᠷᠬᠡ ᠦᠭᠡᠢ ︽ᠬᠤᠷᠸ᠎ᠠ ᠶᠢᠨ ᠪᠠᠭ᠋ᠠᠷᠬᠠᠯ᠂ ᠬᠠᠶᠢᠷ᠎ᠠ ᠶᠢᠨ ᠪᠦᠷᠢᠯᠸ᠎ᠠ ᠤᠢ ᠮᠣᠳᠣ ᠶᠤᠮ ᠳ᠋ᠠ︕︾ ᠭᠡᠵᠦ ᠪᠤᠳᠤᠬᠤ ᠳᠤ ᠰᠡᠷᠪᠡᠯᠵᠡᠨ ᠭᠠᠩᠬᠤᠬᠤ ᠨᠠᠪᠴᠢᠰ᠂ ᠰᠠᠵᠢᠯᠠᠨ ᠳᠣᠬᠢᠯᠵᠠᠬᠤ ᠰᠠᠯᠠᠭ᠎ᠠ ᠨᠠᠮᠠᠭ᠎ᠠ ᠨᠢ ᠬᠠᠷᠠᠭᠠᠨ ᠳᠤ ᠢᠷᠠᠭᠤ ᠨᠠᠶᠢᠷᠠᠭ ᠤᠨ ᠣᠩᠭᠤᠳ ᠰᠢᠭ᠋ ᠤᠳᠬ᠎ᠠ ᠭᠦᠨᠵᠡᠭᠡᠢ ᠰᠠᠨᠠᠭᠳᠠᠨ᠎ᠠ᠃      ᠤᠷᠭᠤᠬᠤ ᠶᠢᠨ ᠬᠦᠰᠡᠯ᠂ ᠣᠷᠣᠰᠢᠬᠤᠢ ᠶᠢᠨ ᠤᠬᠠᠭᠠᠨ ᠤᠢ ᠮᠣᠳᠣ ᠮᠢᠨᠢ ᠠ᠋᠃ ᠳᠡᠯᠡᠬᠡᠢ ᠪᠠᠨ ᠭᠡᠰᠡᠨ ᠴᠢᠨᠦ ᠠᠷᠢᠭᠤᠨ ᠴᠠᠭᠠᠨ ᠪᠤᠳᠤᠯ ᠳᠤ ᠬᠥᠮᠥᠨ ᠠᠮᠢᠳᠠᠨ᠂ ᠠᠷᠢᠶᠠᠲᠠᠨ ᠵᠢᠭᠦᠷᠲᠡᠨ᠂ ᠥᠴᠥᠬᠡᠨ ᠰᠢᠪᠠᠵᠢ ᠭᠦᠷᠳᠡᠯ᠎ᠡ ᠨᠢᠳᠦᠨ ᠤ ᠴᠢᠨᠢ ᠴᠡᠴᠡᠭᠡᠢ᠂ ᠵᠢᠷᠦᠬᠡᠨ ᠤ ᠴᠢᠨᠢ ᠰᠤᠳᠠᠰᠤ ᠭᠡᠮᠡᠷ ᠬᠠᠶᠢᠷᠠᠯᠠᠯᠲᠠᠢ ᠪᠠᠶᠢᠳᠠᠭ ᠴᠦ  ᠶᠤᠮ ᠤᠤ︖      ᠤᠷᠢᠨ ᠬᠠᠪᠤᠷ ᠢ ᠤᠭᠲᠤᠨ ᠳᠡᠯᠭᠡᠷᠡᠬᠦ ᠨᠠᠪᠴᠢ ᠪᠣᠯᠭᠠᠨ ᠠᠴᠠ ᠴᠢᠨᠢ ᠨᠠᠷᠠᠨ ᠤ ᠭᠡᠷᠡᠯ ᠰᠠᠴᠤᠷᠠᠨ᠎ᠠ᠃  ᠲᠡᠷᠡ ᠬᠦ ᠰᠦᠨ ᠴᠠᠭᠠᠨ ᠭᠡᠷᠡᠯ ᠰᠡᠳᠬᠢᠯ ᠳᠤ ᠴᠢᠨᠢ ᠰᠢᠩᠭᠡᠭᠰᠡᠨ ᠠᠴᠠ ᠪᠢᠯᠢᠦ︖ᠡᠰᠡᠬᠦᠯ᠎ᠡ ᠴᠢᠨᠦ ᠰᠡᠳᠬᠢᠯ ᠨᠠᠷᠠᠨ ᠤ ᠭᠡᠷᠡᠯ ᠰᠢᠭ ᠲᠤᠩᠭᠠᠯᠠᠭ ᠭᠡᠭᠡᠨ ᠪᠠᠶᠢᠳᠠᠭ ᠠᠴᠠ ᠪᠣᠯᠪᠠ ᠤᠤ︖ᠥᠩᠭᠡ ᠪᠦᠷᠢ ᠶᠢᠨ ᠰᠢᠪᠠᠭᠤᠳ ᠡᠭᠡᠨᠡᠭᠰᠢᠨ ᠬᠤᠷᠭᠤᠳᠠᠵᠤ ᠰᠠᠯᠠᠭᠠᠨ ᠳᠤ ᠴᠢᠨᠢ ᠡᠭᠦᠷᠯᠡᠭᠡᠳ ᠥᠪᠡᠷ ᠥᠪᠡᠷ ᠤᠨ ᠲᠠᠭᠤ ᠬᠤᠭᠤᠯᠠᠢ ᠪᠠᠷ ᠢᠶᠠᠨ ᠵᠢᠷᠭᠢᠬᠦ ᠳᠤ ᠠᠯᠢᠶ᠎ᠠ ᠰᠠᠷᠮᠠᠭᠴᠢᠨ ᠤ ᠰᠣᠨᠢᠭᠤᠴᠢ ᠵᠠᠩ ᠨᠢ ᠬᠥᠳᠡᠯᠵᠦ᠂ ᠰᠠᠯᠠᠭᠠᠨ ᠳᠡᠭᠡᠷ᠎ᠡ ᠴᠢᠨᠢ ᠳᠡᠭᠦᠵᠢᠯᠡᠴᠢᠬᠡᠭᠡᠳ ᠤᠷᠠᠨ ᠠᠪᠢᠶᠠᠰ ᠢᠶᠠᠨ ᠭᠠᠶᠢᠬᠠᠭᠤᠯᠤᠨ᠎ᠠ᠃ ᠬᠡᠭᠡᠷ᠎ᠡ ᠶᠢᠨ ᠭᠠᠭ᠋ᠠᠢ ᠰᠦᠷᠦᠭᠯᠡᠨ ᠭᠥᠷᠥᠭᠡᠰᠦ ᠶᠢᠨ ᠰᠦᠷᠦᠭ ᠬᠤᠶᠢᠯᠠᠷᠠᠨ᠎ᠠ᠃ ᠪᠤᠭᠤ ᠶᠢᠨ ᠤᠷᠤᠮᠳᠠᠯ ᠳᠤ ᠴᠢᠨ᠋ᠸ᠎ᠠ ᠰᠣᠴᠢᠭᠰᠠᠨ ᠰᠢᠭ᠋ ᠪᠣᠯᠵᠤ ᠬᠡᠪᠲᠡᠷᠢ ᠠᠴᠠ ᠪᠠᠨ ᠪᠣᠰᠣᠭᠠᠳ ᠲᠦᠷᠪᠡᠨ ᠵᠦᠭ ᠢ ᠰᠡᠷᠡᠮᠵᠢᠲᠡᠶᠢᠬᠡᠨ ᠠᠵᠢᠨ᠎ᠠ᠃ ᠬᠡᠷᠡᠮᠦ ᠲᠡᠷᠡ ᠪᠦᠭᠦᠨ ᠢ ᠠᠵᠢᠶᠠᠷᠠᠬᠤ ᠦᠭᠡᠢ᠃ ᠨᠠᠭᠠᠰᠢ  ᠴᠠᠭᠠᠰᠢ ᠰᠦᠯᠵᠢᠯᠳᠦᠭᠡᠳ ᠬᠥᠭᠡᠷᠦᠬᠦᠨ ᠭᠡᠳᠡᠭ ᠨᠢ ᠠᠷᠭ᠎ᠠ ᠦᠭᠡᠢ ᠁ ᠰᠠᠨᠠᠬᠤ ᠳᠤ ᠤᠢ ᠮᠣᠳᠣ ᠮᠢᠨᠢ᠂ ᠵᠢᠭᠦᠷᠲᠡᠨ ᠠᠷᠢᠶᠠᠲᠠᠨ ᠤ ᠴᠡᠩᠭᠡᠯ ᠤᠨ ᠣᠷᠣᠨ ᠪᠠᠶᠢᠵᠤ ᠲᠠᠭᠠᠷᠠᠨ᠎ᠠ᠃ ᠤᠷᠭᠤᠬᠤ ᠲᠤᠳᠤᠮ ᠢᠶᠠᠨ ᠨᠣᠭᠤᠭᠠᠷᠠᠬᠤ ᠮᠥᠴᠢᠷ ᠴᠢᠨᠢ ᠳᠣᠭᠳᠣᠯᠬᠤ ᠶᠢᠨ ᠡᠷᠬᠡᠨ ᠳᠤ ᠬᠡᠭᠡᠷ᠎ᠡ ᠶᠢᠨ ᠰᠠᠯᠬᠢᠨ ᠳᠤ ᠶᠠᠭᠤ ᠨᠢᠭᠡ ᠶᠢ ᠰᠢᠪᠡᠨᠡᠭᠰᠡᠨ ᠨᠢᠭᠤᠴᠠᠬᠠᠨ ᠦᠭᠡ ᠲᠡᠷᠭᠡᠳᠡᠭᠦᠷ ᠴᠢᠨᠢ ᠤᠷᠤᠰᠬᠤ ᠴᠡᠩᠬᠡᠷ ᠭᠤᠷᠤᠬ᠎ᠠ ᠶᠢᠨ ᠰᠢᠷᠤᠩᠬᠠᠢ ᠲᠠᠢ ᠭᠦᠭ ᠨᠡᠶᠢᠯᠡᠭᠡᠳ ᠡᠷᠲᠡᠨ ᠤ ᠨᠢᠭᠡᠨ ᠰᠣᠳᠣᠨ ᠠᠶᠠᠯᠭᠤ ᠮᠡᠲᠦ ᠤᠶᠠᠩᠭᠠᠷᠠᠨ᠎ᠠ᠃      ︽ᠪᠢᠳᠡ ᠪᠣᠯ ᠤᠢ ᠶᠢᠨ ᠢᠷᠭᠡᠳ ᠶᠤᠮ︾ ᠭᠡᠰᠡᠨ ᠡᠪᠦᠭᠡ ᠶᠢᠨ ᠠᠮᠢᠳᠤ ᠰᠡᠷᠡᠭᠦᠨ ᠪᠠᠶᠢᠬᠤ ᠳᠠᠭᠠᠨ ᠦᠷᠭᠦᠯᠵᠢ ᠶᠠᠷᠢᠳᠠᠭ ᠦᠭᠡ ᠶᠢ ᠤᠳᠤ ᠠᠬᠢᠨ ᠲᠠᠭᠢᠨ ᠲᠤᠩᠭᠠᠬᠤ ᠳᠤ ᠬᠢᠩᠭᠠᠨ ᠳᠠᠪᠠᠭᠠᠨ ᠤ ᠶᠡᠭᠡ ᠤᠢ ᠠᠴᠠ ᠬᠥᠯᠥᠨ ᠪᠤᠶᠢᠷ ᠤᠨ ᠲᠠᠯ᠎ᠠ ᠨᠤᠲᠤᠭ ᠲᠤ ᠠᠵᠤ ᠲᠦᠷᠦᠵᠦ ᠠᠮᠢᠳᠤᠷᠠᠵᠤ ᠶᠠᠪᠤᠭ᠎ᠠ ᠡᠸᠡᠩᠬᠢ ᠶᠠᠰᠤᠳᠠᠨ ᠤ ᠭᠠᠷᠤᠯ ᠲᠡᠦᠬᠡ ᠤᠢ ᠤᠬᠠᠭᠠᠨ ᠳᠤ ᠡᠷᠭᠢᠯᠳᠦᠵᠦ ︽ᠡᠪᠦᠭᠡ ᠳᠡᠭᠡᠳᠦᠰ ᠮᠢᠨᠢ ᠠᠯᠢ ᠡᠷᠲᠡ ᠤᠢ ᠳᠤ ᠠᠮᠢᠳᠤᠷᠠᠵᠤ ᠪᠠᠶᠢᠭᠰᠠᠨ ᠪᠢᠵᠡ︾ ᠭᠡᠰᠡᠨ ᠪᠤᠳᠤᠯ ᠰᠡᠳᠬᠢᠯ ᠤᠨ ᠬᠥᠷᠥᠰᠥᠨ ᠠᠴᠠ ᠤᠷᠭᠤᠨ᠎ᠠ᠃      ᠤᠢ - ᠨᠠᠶᠢᠷᠠᠯ ᠬᠥᠭᠵᠢᠮ ᠤᠨ ᠡᠬᠢ᠂ ᠠᠮᠢᠳᠠᠨ ᠭᠤᠣᠯᠲᠠᠨ ᠤ ᠥᠯᠥᠭᠡᠢ᠂ ᠬᠤᠷ᠎ᠠ ᠪᠣᠷᠣᠭᠠᠨ ᠤ ᠬᠤᠷᠤᠢ᠂ ᠬᠥᠭᠵᠢᠯ ᠤᠨ ᠪᠣᠰᠤᠭ᠎ᠠ ᠬᠡᠶᠢᠮᠣᠷᠢ ᠠ᠋︕      ︽ᠵᠤᠨ︾ ᠬᠡᠮᠡᠬᠦ ᠵᠢᠷᠤᠭ ᠤᠨ ᠢᠷᠠᠭᠤ ᠪᠣᠯ ᠮᠥᠨ ᠴᠦ ᠤᠢ ᠮᠣᠳᠣ ᠶᠤᠮᠰᠠᠨ᠃  ᠥᠭᠡᠳᠡ ᠪᠠᠨ ᠲᠡᠮᠡᠦᠯᠵᠦ ᠤᠷᠭᠤᠬᠤ ᠪᠠᠷ ᠢᠶᠠᠨ ᠴᠢᠮ᠎ᠠ ᠳᠤ ᠴᠡᠩᠬᠡᠷ ᠲᠡᠭᠷᠢ ᠶᠢᠨ ᠪᠤᠳᠤᠭ ᠰᠢᠩᠭᠡᠴᠢᠬᠡᠭᠰᠡᠨ ᠪᠤᠯᠤᠯᠳᠠᠢ  ᠨᠠᠪᠴᠢ ᠴᠢᠨᠢ ᠴᠡᠯ ᠨᠣᠭᠤᠭᠠᠨ᠂ ᠨᠠᠮᠠᠭ᠎ᠠ ᠴᠢᠨᠢ ᠴᠦ ᠴᠡᠯ ᠨᠣᠭᠤᠭᠠᠨ᠃ ᠴᠠᠪ ᠴᠠᠭᠠᠨ ᠪᠡᠶ᠎ᠡ ᠮᠠᠬᠠᠪᠤᠳ ᠢᠶᠠᠨ ᠴᠢᠮᠡᠭᠰᠡᠨ ᠭᠠᠳᠠᠷ ᠬᠤᠪᠴᠠᠰᠤ ︵ᠬᠠᠯᠢᠰᠤ︶ ᠴᠢᠨᠢ ᠴᠠᠯ ᠨᠣᠭᠤᠭᠠᠨ᠂ ᠬᠥᠷᠥᠰᠥᠨ ᠳᠤ ᠭᠦᠨ ᠬᠠᠳᠬᠤᠭᠰᠠᠨ ᠦᠨᠳᠦᠰᠦ ᠪᠦᠭᠦᠨ ᠴᠢᠨᠢ ᠴᠦ ᠴᠡᠯ ᠨᠣᠭᠤᠭᠠᠨ᠃ ᠴᠢᠨᠦ ᠨᠣᠭᠤᠭᠠᠨ ᠠᠮᠢᠰᠬᠤᠯ ᠢᠶᠠᠷ ᠡᠭᠦᠯᠡ ᠬᠤᠷᠠᠵᠤ ᠪᠣᠷᠣᠭᠠᠨ ᠨᠠᠭᠠᠰᠢᠯᠠᠳᠠᠭ᠃ ᠭᠡᠬᠦ ᠳᠡᠭᠡᠨ ᠤᠢ ᠲᠠᠢ ᠭᠠᠵᠠᠷ ᠪᠣᠷᠣᠭᠠᠨ ᠡᠯᠪᠡᠭ ᠭᠡᠰᠡᠨ ᠵᠦᠩ ᠰᠤᠪᠢᠩ ᠲᠠᠢ ᠮᠡᠷᠭᠡᠨ ᠦᠭᠡ ᠪᠤᠢ ᠪᠣᠯᠤᠭᠰᠠᠨ ᠪᠠᠶᠢᠬ᠎ᠠ᠃      ᠨᠠᠮ᠎ᠠ ᠶᠢ ᠪᠠᠭ᠎ᠠ ᠪᠠᠶᠢᠬᠤ ᠳᠤ ᠡᠪᠦᠭᠡ ᠡᠭᠦᠳᠡᠨ ᠡᠮᠦᠨᠡᠬᠢ ᠮᠣᠳᠣᠨ ᠤ ᠰᠡᠭᠦᠳᠡᠷ ᠲᠠᠬᠢ ᠬᠥᠬᠡ ᠴᠢᠯᠠᠭᠤᠨ ᠳᠡᠭᠡᠷ᠎ᠡ ᠰᠠᠭᠤᠴᠢᠬᠠᠭᠠᠳ ᠦᠳᠡᠰᠢ ᠪᠣᠯᠭᠠᠨ ᠦᠯᠢᠭᠡᠷ ᠶᠠᠷᠢᠵᠤ ᠦᠭᠳᠡᠭ ᠪᠠᠶᠢᠯ᠎ᠠ᠃      ᠬᠥᠷᠰᠢ ᠶᠢᠨ ᠬᠡᠳᠦᠨ ᠦᠶ᠎ᠡ ᠬᠤᠷᠠᠭ ᠲᠠᠢ ᠪᠠᠨ ᠪᠢ ᠡᠪᠦᠭᠡ ᠶᠢᠨ ᠡᠷᠡᠦ ᠥᠭᠡᠳᠡ ᠨᠢᠳᠦ  ᠴᠠᠪᠴᠢᠯ ᠦᠭᠡᠢ ᠬᠠᠷᠠᠵᠤ ᠦᠯᠢᠭᠡᠷ ᠰᠣᠨᠣᠰᠴᠤ ᠰᠠᠭᠤᠬᠤ ᠳᠤ ᠰᠠᠭᠰᠠᠭᠠᠷ ᠮᠣᠳᠣᠨ ᠤ ᠨᠠᠪᠴᠢ ᠴᠦ ᠦᠯᠢᠭᠡᠷ ᠲᠤ ᠤᠷᠮᠠᠰᠢᠭᠰᠠᠨ ᠪᠤᠯᠤᠯᠳᠠᠢ ᠨᠠᠮ ᠳᠤᠭᠤᠢ ᠪᠤᠯᠬᠤ ᠪᠠᠷ ᠨᠢ ᠲᠤᠩ ᠭᠠᠶᠢᠬᠠᠵᠤ ︽ᠮᠣᠳᠣᠨ ᠤ ᠨᠠᠪᠴᠢ ᠪᠠᠰᠠ ᠦᠯᠢᠭᠡᠷ ᠲᠤ ᠳᠤᠷᠠᠲᠠᠢ ᠶᠤᠮ ᠪᠠᠶᠢᠨ᠎ᠠ︾ ᠭᠡᠬᠦ ᠳᠤ ᠡᠪᠦᠭᠡ ᠮᠢᠨᠢ ᠬᠥᠬᠦᠷᠡᠨ ᠢᠨᠢᠶᠡᠴᠢᠬᠡᠭᠡᠳ ︽ᠮᠣᠳᠣᠨ ᠳᠤ ᠬᠥᠮᠥᠨ ᠤ ᠮᠡᠳᠡᠷᠡᠮᠵᠢ ᠲᠠᠢ ᠶᠤᠮ ᠴᠢᠨᠢ ᠁︾ ᠭᠡᠪᠡ᠃ ᠲᠡᠷᠡ ᠦᠶ᠎ᠡ ᠳᠤ ᠪᠢ ᠬᠡᠦᠬᠡᠳ ᠪᠠᠶᠢᠭᠰᠠᠨ ᠪᠣᠯᠬᠤᠷ ᠡᠪᠦᠭᠡ ᠶᠢᠨ ᠦᠭᠡ ᠶᠢ ᠰᠣᠨᠣᠰᠤᠭᠠᠳ ᠯᠡ ᠥᠩᠭᠡᠷᠡᠪᠡ᠃ ᠤᠳᠤ ᠪᠤᠳᠤᠬᠤ ᠳᠤ ᠮᠠᠰᠢ ᠤᠳᠬ᠎ᠠ ᠤᠴᠢᠷ ᠲᠠᠢ ᠪᠠᠶᠢᠵᠠᠢ᠃      ᠲᠠᠪᠤᠨ ᠵᠢᠯ ᠤᠨ ᠡᠮᠦᠨ᠎ᠡ᠂  ᠪᠠᠷᠠᠭᠤᠨ ᠭᠡᠷ ᠤᠨ ᠲᠠᠷᠮ᠎ᠠ ᠡᠪᠦᠭᠡ ᠨᠠᠰᠤ ᠪᠠᠷᠠᠭᠰᠠᠨ ᠳᠤ ᠠᠷᠠᠴᠢᠯᠠᠵᠤ ᠤᠷᠭᠤᠭᠤᠯᠤᠬᠰᠠᠨ ᠵᠢᠮᠢᠰ ᠤᠨ ᠮᠣᠳᠣ ᠨᠢ ᠴᠦ ᠪᠦᠷ ᠲᠠᠭᠠᠵᠦ ᠦᠬᠦᠭᠰᠡᠨ ᠢ ᠨᠢᠳᠦ ᠪᠠᠷ ᠢᠶᠠᠨ ᠬᠠᠷᠠᠭᠠᠳ ᠪᠢ ᠮᠠᠯ ᠭᠠᠶᠢᠬᠠᠭᠰᠠᠨ᠃      ︽ᠵᠢᠷᠤᠮ ᠦᠭᠡᠢ ᠬᠡᠦᠬᠡᠳ ᠠᠴᠠ ᠵᠢᠮᠢᠰ ᠤᠨ ᠮᠣᠳᠣ ᠳᠡᠭᠡᠷ᠎ᠡ ᠁︾ ᠭᠡᠵᠦ ᠠᠶᠢᠯ ᠤᠨ ᠪᠤᠭᠤᠷᠤᠯᠴᠤᠳ ᠬᠤᠭᠤᠷᠣᠨᠳᠤ ᠪᠠᠨ ᠶᠠᠷᠢᠯᠴᠠᠬᠤ ᠶᠢ ᠰᠤᠨᠤᠰᠬᠤ ᠶᠢᠨ ᠳᠠᠭᠠᠤ ︽ᠮᠠᠭᠤ ᠬᠥᠮᠥᠨ ᠳᠤ ᠮᠣᠳᠣ ᠬᠡᠷᠡᠭ ᠲᠠᠢ︾ ᠭᠡᠰᠡᠨ ᠦᠭᠡ ᠶᠢ ᠰᠠᠨᠠᠵᠤ᠂ ᠲᠡᠷᠡ ᠡᠳᠦᠷ ᠠᠴᠠ ᠡᠬᠢᠯᠡᠵᠦ ᠤᠢ ᠮᠣᠳᠣᠨ ᠳᠤ ᠨᠡᠩ ᠰᠣᠨᠢᠷᠬᠠᠯ ᠲᠠᠢ ᠪᠣᠯᠤᠭᠰᠠᠨ ᠢᠶᠠᠷ ᠪᠠᠷᠠᠬᠤ ᠦᠭᠡᠢ ᠬᠠᠶᠢᠷᠠᠯᠠᠵᠤ ᠬᠠᠮᠠᠭᠠᠯᠠᠬᠤ ᠰᠡᠳᠬᠢᠯᠭᠡ ᠨᠡᠮᠡᠭᠳᠡᠵᠡᠢ᠃      ᠮᠣᠳᠣᠨ ᠳᠤ ᠬᠥᠮᠥᠨ ᠠᠴᠠ ᠳᠠᠪᠠᠭᠰᠠᠨ ᠤᠬᠠᠮᠰᠠᠷ ᠲᠠᠢ ᠶᠢ ᠪᠢ ᠬᠤᠵᠢᠮ ᠨᠢ ᠤᠬᠠᠭᠠᠷᠠᠯ᠎ᠠ᠃ ᠬᠥᠮᠥᠨ ᠲᠥᠷᠥᠯᠬᠢᠲᠡᠨ ᠳᠤ ᠠᠯᠢᠪᠠ ᠪᠠᠨ ᠬᠠᠷᠠᠮ ᠦᠭᠡᠢ ᠡᠷᠭᠦᠬᠦ ᠳᠡᠭᠡᠨ ᠤᠢ ᠮᠣᠳᠣ ᠮᠢᠨᠢ ᠬᠠᠷᠢᠭᠤ ᠶᠠᠭᠤ ᠴᠦ ᠰᠠᠨᠠᠵᠤ ᠰᠠᠷᠪᠠᠶᠢᠳᠠᠭ ᠦᠭᠡᠢ᠃ ᠣᠭᠲᠣᠯᠵᠤ ᠤᠨᠠᠭᠠᠭᠰᠠᠨ ᠴᠦ ᠲᠠᠭ ᠳᠤᠭᠤᠢ ᠪᠠᠶᠢᠳᠠᠭ ᠨᠢ ᠲᠡᠭᠦᠨ ᠤ ᠬᠥᠮᠥᠨ ᠵᠤᠨ ᠳᠤ ᠳᠤᠷ᠎ᠠ ᠲᠠᠢ ᠦᠢᠯᠡᠴᠢᠯᠡᠬᠦ ᠭᠡᠰᠡᠨ ᠲᠥᠷᠥᠯᠬᠢ ᠵᠠᠩ ᠴᠢᠨᠠᠷ᠂ ᠠᠮᠠᠨ ᠲᠠᠩᠭᠠᠷᠢᠭ ᠨᠢ ᠪᠠᠶᠢᠬ᠎ᠠ᠃ ᠬᠥᠮᠥᠨ ᠲᠥᠷᠥᠯᠬᠢᠲᠡᠨ ᠮᠣᠳᠣᠨ ᠠᠴᠠ ᠬᠡᠵᠢᠶᠡᠳᠡ ᠰᠠᠯᠵᠤ ᠴᠢᠳᠠᠳᠠᠭ ᠦᠭᠡᠢ ᠨᠢ ᠦᠨᠡᠨ ᠠ᠋︕ᠭᠡᠷ ᠪᠠᠷᠢᠯᠭ᠎ᠠ᠂ ᠲᠡᠷᠭᠡ ᠬᠥᠰᠬᠡ᠂ ᠡᠭᠦᠳᠡ ᠴᠣᠩᠬᠤ᠂ ᠠᠪᠳᠠᠷ᠎ᠠ ᠬᠤᠷᠭᠤ᠂ ᠣᠷᠴᠢᠯᠠᠩ ᠳᠤ ᠵᠠᠶᠠᠭᠠᠬᠤ ᠪᠠᠷ ᠬᠡᠪᠲᠡᠳᠡᠭ ᠥᠯᠥᠭᠡᠢ᠂ ᠠᠶᠠᠷᠯᠠᠬᠤ  ᠳᠠᠭᠠᠨ ᠨᠣᠶᠢᠷᠰᠤᠳᠠᠭ ᠠᠪᠰᠠ ᠳᠤ ᠭᠦᠷᠳᠡᠯ᠎ᠡ ᠮᠣᠳᠣ ᠬᠡᠷᠡᠭᠰᠡᠨ᠎ᠡ᠃      ᠮᠣᠳᠣᠨ ᠤ ᠲᠦᠷᠦᠯ ᠤᠭᠰᠠᠭ᠎ᠠ ᠲᠤᠩ ᠤᠯᠠᠨ ᠴᠦ ᠤᠩᠭᠤᠨ ᠪᠠᠶᠢᠭᠠᠯᠢ ᠪᠠᠨ ᠭᠤᠶᠣᠯᠠᠵᠤ᠂  ᠣᠷᠴᠢᠯᠠᠩ ᠤᠨ ᠬᠥᠮᠥᠨ ᠠᠮᠢᠳᠠᠨ ᠳᠤ ᠠᠴᠢ ᠲᠤᠰᠠ ᠬᠦᠷᠭᠡᠳᠡᠭ ᠨᠢ ᠲᠡᠳᠡᠨ ᠤ ᠬᠠᠮᠲᠤ ᠶᠢᠨ ᠠᠷᠠᠨᠰᠢᠨ ᠶᠤᠮ᠃      ᠭᠦᠪᠡᠭᠡ ᠬᠢᠵᠠᠭᠠᠷ ᠨᠢ ᠬᠠᠷᠠᠭᠳᠠᠬᠤ ᠦᠭᠡᠢ ᠭᠦᠨ ᠴᠡᠩᠬᠡᠷ ᠣᠭᠲᠠᠷᠭᠤᠢ ᠶᠢ ᠰᠢᠷᠳᠡᠭᠦ ᠳᠡᠭᠡᠨ ᠤᠢ ᠮᠣᠳᠣᠨ ᠤ ᠰᠡᠳᠬᠢᠯ ᠲᠡᠶᠢᠮᠦ ᠯᠡ ᠠᠭᠤᠳᠠᠮ ᠪᠠᠭᠲᠠᠭᠠᠮᠵᠢᠲᠠᠢ ᠪᠣᠯᠤᠭᠰᠠᠨ ᠪᠢᠯᠢᠦ︖      ︽ᠮᠣᠳᠣᠳ ᠤᠨ ᠨᠢᠳᠦᠨ ᠳᠤ ᠳᠡᠯᠡᠬᠡᠢ ᠡᠷᠭᠢᠯᠳᠦᠬᠦ ᠪᠠᠷ ᠨᠠᠮ ᠲᠤᠩᠭᠠᠯᠠᠭ᠂ ᠡᠶ᠎ᠡ ᠨᠠᠶᠢᠷᠰᠠᠭ᠂ ᠡᠩᠬᠡ ᠲᠠᠶᠢᠪᠤᠩ ᠪᠠᠶᠢᠳᠠᠭ ᠨᠢ ᠲᠡᠭᠦᠨ ᠤ ᠥᠭᠭᠢᠶᠡᠮᠦᠷ ᠠᠷᠢᠭᠤᠨ ᠪᠤᠳᠤᠯ ᠲᠠᠢ ᠨᠢ ᠰᠢᠭᠤᠳ ᠬᠤᠯᠪᠤᠭ᠎ᠠ ᠲᠠᠢ᠃ ᠲᠠᠳ᠋ᠨ ᠬᠥᠮᠥᠨ ᠲᠥᠷᠥᠯᠬᠢᠲᠡᠨ ᠤ ᠬᠦᠰᠡᠵᠦ ᠮᠥᠷᠥᠭᠡᠳᠳᠡᠭ ᠡᠪ ᠬᠠᠮᠲᠤ ᠶᠢᠨ ᠨᠡᠶᠢᠭᠡᠮ ᠳᠤ ᠬᠡᠵᠢᠶᠡᠨᠡᠢ ᠲᠠᠪᠰᠢᠨ ᠣᠷᠣᠴᠢᠬᠠᠭᠠᠳ ᠭᠡᠳᠡᠷᠭᠦ ᠪᠠᠨ ᠬᠥᠮᠥᠰ ᠢ ᠲᠡᠷᠡ ᠵᠦᠭ ᠲᠡᠭᠡᠨ ᠤᠷᠢᠶᠠᠯᠠᠨ ᠳᠠᠭᠤᠳᠠᠭ᠎ᠠ ᠴᠦ ᠶᠤᠮ ᠤᠤ︖︾ ᠭᠡᠵᠦ ᠪᠢ ᠦᠷᠭᠦᠯᠵᠢ ᠪᠤᠳᠤᠲᠠᠬ᠃ ᠮᠣᠳᠣᠳ ᠤᠨ ᠱᠤᠤᠭᠢᠶᠠᠨ ᠢ ᠴᠢᠩᠨᠠᠵᠤ ᠵᠤᠬᠰᠤᠬᠤ ᠳᠤ ︽ᠬᠥᠮᠥᠰ ᠢ ᠰᠡᠬᠡᠭᠡᠷᠡᠭᠦᠯᠵᠦ ᠬᠤᠷᠸ᠎ᠠ ᠶᠢ ᠭᠡᠭᠡᠷᠡᠭᠦᠯᠭᠦ ᠪᠣᠯ ᠪᠢᠳᠡ ᠪᠦᠭᠦᠨ ᠤ ᠡᠭᠦᠷᠭᠡ ᠬᠠᠷᠢᠭᠤᠴᠠᠯᠭ᠎ᠠ︾ ᠭᠡᠵᠦ ᠳᠣᠲᠣᠷ᠎ᠠ ᠵᠠᠭᠤᠷ᠎ᠠ ᠪᠠᠨ ᠵᠣᠭᠤᠭᠳᠠᠬᠤ ᠰᠢᠭ᠋ ᠪᠤᠳᠤᠬᠳᠠᠬᠤ ᠬᠤᠷᠣᠮ ᠰᠢᠪᠠᠭᠤᠳ ᠤᠨ ᠴᠢᠯᠦᠭᠡᠲᠡᠢ ᠵᠢᠷᠭᠢᠭᠡ ᠤᠢ ᠶᠢᠨ ᠭᠦᠨ ᠠᠴᠠ ᠴᠤᠤᠷᠢᠶᠠᠲᠤᠨ᠎ᠠ᠃ ᠰᠢᠪᠠᠭᠤ ᠤᠢ ᠶᠢᠨ ᠭᠡᠯᠡ ᠪᠠᠷ ᠵᠢᠷᠭᠢᠳᠡᠭ ᠴᠦ ᠪᠣᠯᠪᠠ ᠤᠤ⁈      ᠨᠢᠳᠤᠨᠤᠨ ᠡᠪᠦᠯ ᠪᠢ ᠨᠤᠲᠤᠭ ᠲᠠᠭᠠᠨ ᠬᠠᠷᠢᠵᠤ ᠬᠢᠩᠭᠠᠨ ᠳᠠᠪᠠᠭᠠᠨ ᠤ ᠤᠢ ᠰᠢᠭᠤᠢ ᠳᠤ ᠠᠵᠢᠯᠯᠠᠵᠤ ᠪᠠᠶᠢᠭᠰᠠᠨ ᠬᠠᠮᠲᠤ ᠰᠤᠷᠤᠯᠭᠠᠲᠠᠨ ᠨᠠᠰᠤᠲᠤ ᠭᠤᠸᠠᠢ ᠲᠠᠢ ᠠᠭᠤᠯᠵᠠᠪᠠ᠃ ᠲᠡᠷᠡ ᠮᠣᠳᠣᠨ ᠤ ᠲᠤᠬᠠᠢ ᠮᠠᠰᠢ ᠣᠶᠢᠯᠠᠭᠠᠨ᠎ᠠ᠃      ︽ᠮᠣᠳᠣᠨ ᠳᠤ ᠰᠦᠨᠡᠰᠦ ᠲᠠᠢ ᠪᠠᠶᠢᠵᠤ ᠮᠡᠳᠡᠨ᠎ᠡ᠃ ᠪᠢᠳᠡ ᠬᠢᠩᠭᠠᠨ ᠳᠠᠪᠠᠭᠠᠨ ᠤ ᠨᠢᠭᠡᠨ ᠨᠠᠷᠠᠰᠤᠨ ᠮᠣᠳᠣ ᠶᠢ ᠬᠡᠳᠦᠢ ᠬᠢᠷᠦᠭᠡᠳᠡᠭᠰᠡᠨ ᠴᠦ ᠤᠨᠠᠬᠤ ᠦᠭᠡᠢ᠃ ᠣᠪ ᠤᠯᠠᠭᠠᠨ ᠴᠢᠰᠤ ᠰᠠᠳᠠᠭᠠᠨᠠᠭᠠᠳ ᠁ ᠲᠡᠷᠡ ᠦᠶ᠎ᠡ ᠳᠤ᠂ ᠬᠠᠰᠢᠷ ᠲᠤᠷᠰᠢᠯᠭ᠎ᠠ ᠲᠠᠢ ᠨᠢᠭᠡᠨ ᠠᠬᠠᠮᠠᠳ ᠠᠵᠢᠯᠴᠢᠨ ᠮᠠᠯᠠᠭᠠᠢ ᠪᠠᠨ ᠠᠪᠴᠤ ᠨᠢᠭᠡᠨ ᠵᠦᠭ ᠰᠢᠳᠡᠭᠰᠡᠨ ᠴᠢᠨᠢ ᠮᠣᠳᠣ ᠲᠡᠶᠢᠰᠢ ᠪᠠᠨ ᠤᠨᠠᠪᠠ᠃ ᠭᠡᠲᠡᠯ᠎ᠡ ᠤᠨᠠᠬᠤ ᠦᠶ᠎ᠡ ᠶᠢᠨ ᠲᠠᠭᠤ ᠨᠢ ᠣᠨᠴᠠ ᠶᠢᠨ ᠤᠶᠠᠷᠠᠯᠲᠠᠢ ᠭᠡᠳᠡᠭ ᠢ ᠶᠠᠭᠠᠬᠢᠨ᠎ᠠ︾ ᠬᠡᠮᠡᠨ ᠬᠤᠶᠢᠬ᠎ᠠ ᠶᠢᠨ ᠦᠰᠦ ᠪᠣᠰᠣᠮ᠎ᠠ ᠶᠠᠷᠢᠵᠤ ᠭᠠᠷᠪᠠ᠃ ᠪᠢ ᠲᠡᠭᠦᠨ ᠠᠴᠠ ᠨᠠᠷᠢᠨ ᠨᠢᠭᠤᠴᠠ ᠶᠢ ᠨᠢ ᠠᠰᠠᠭᠤᠯ᠎ᠠ᠃ ︽ᠡᠨᠡ ᠦᠵᠡᠭᠳᠡᠯ ᠢ ᠰᠢᠨᠵᠢᠯᠡᠬᠦ ᠤᠬᠠᠭᠠᠨ ᠢᠶᠠᠷ ᠴᠦ ᠲᠠᠶᠢᠯᠪᠤᠷᠢᠯᠠᠵᠤ ᠴᠢᠳᠠᠭᠠᠳᠤᠢ ᠁︾ ᠭᠡᠵᠦ ᠨᠠᠰᠤᠲᠤ ᠭᠤᠸᠠᠢ ᠲᠤᠬᠤ ᠪᠠᠨ  ᠮᠠᠭᠠᠵᠢᠭᠰᠠᠨ ᠢᠶᠠᠨ ︽ᠮᠣᠳᠣ ᠶᠢ ᠪᠢ ᠣᠨᠢᠰᠤᠭ᠎ᠠ ᠰᠢᠭ᠋ ᠨᠢᠭᠡᠨ ᠣᠷᠴᠢᠯᠠᠩ ᠭᠡᠵᠦ ᠲᠥᠰᠥᠭᠡᠯᠡᠳᠡᠭ︾ ᠭᠡᠪᠡ᠃      ᠪᠢ ᠲᠡᠭᠦᠨ ᠤ ᠦᠭᠡ ᠶᠢ ᠤᠷᠮ᠎ᠠ ᠲᠠᠢ ᠰᠣᠨᠣᠰᠴᠤ ᠰᠠᠭᠤᠬᠤ ᠳᠠᠭᠠᠨ ᠥᠪᠡᠷ ᠤᠨ ᠡᠷᠬᠡ ᠦᠭᠡᠢ ᠰᠡᠳᠬᠢᠯ ᠳᠣᠭᠳᠣᠯᠵᠤ ᠴᠣᠮᠣ ᠲᠠᠢ ᠴᠠᠢ ᠪᠠᠨ ᠵᠢᠭᠠᠵᠤ ︽ᠢᠯᠠᠮ᠎ᠠ ᠶᠢᠨ ᠮᠣᠳᠣ ᠪᠠᠶᠢᠭᠰᠠᠨ ᠠᠴᠠ ᠴᠢᠰᠤ ᠰᠢᠩᠭᠡᠷᠡᠭᠦᠯᠬᠦ᠂ ᠳᠣᠲᠣᠷ᠎ᠠ ᠪᠥᠭᠡᠷ᠎ᠡ ᠶᠢᠨ ᠲᠠᠮᠢᠷ ᠨᠥᠬᠦᠪᠦᠷᠢᠯᠡᠳᠡᠭ ᠡᠨᠡ ᠴᠠᠢ ᠶᠢ ᠪᠢᠳᠡ ᠣᠯᠵᠤ ᠡᠳ᠋ᠯᠡᠳᠡᠭ ᠪᠢᠰᠢᠦ︾ ᠭᠡᠬᠦ ᠳᠤ ᠨᠠᠰᠤᠲᠤ ᠭᠤᠸᠠᠢ ᠵᠤᠤᠮᠠᠰᠬᠢᠨ ᠢᠨᠢᠶᠡᠭᠡᠳ᠄ ︽ᠮᠣᠳᠣ ᠦᠭᠡᠢ ᠪᠣᠯ ᠳᠡᠯᠡᠬᠡᠢ ᠲᠠᠴᠢᠷᠳᠠᠨ᠎ᠠ᠃ ᠠᠮᠢᠳᠤᠷᠠᠯ ᠭᠠᠴᠢᠭᠳᠠᠨ᠎ᠠ ᠁︾ ᠭᠡᠰᠡᠨ ᠢᠶᠠᠨ ︽ᠨᠤᠲᠤᠭ ᠤᠨ ᠮᠢᠨᠢ ᠠᠷᠤ ᠰᠢᠯᠢ ᠶᠢ ᠪᠦᠷᠬᠦᠭᠰᠡᠨ ᠤᠢ ᠮᠣᠳᠣ ᠴᠣᠬᠤᠮ ᠬᠡᠴᠢᠨᠡᠨ ᠵᠢᠯ ᠪᠣᠯᠵᠤ ᠪᠠᠶᠢᠭ᠎ᠠ ᠶᠢ ᠲᠣᠳᠣᠷᠬᠠᠢ ᠮᠡᠳᠡᠬᠦ ᠬᠥᠮᠥᠨ ᠠᠯᠠᠭ᠎ᠠ᠃ ᠡᠪᠦᠭᠡᠴᠦᠦᠯ ᠤᠨ ᠬᠡᠯᠡᠬᠦ ᠪᠠᠷ ︿ᠥᠪᠡᠷ ᠢᠶᠠᠨ ᠤᠷᠭᠤᠭᠰᠠᠨ ᠪᠠᠯᠠᠷ ᠤᠢ﹀ ᠭᠡᠳᠡᠭ᠃ ᠵᠡᠭᠦᠨ ᠬᠥᠲᠥᠯ ᠤᠨ ᠡᠩᠭᠡᠷ ᠲᠤ ᠥᠨᠥᠴᠢᠨ ᠭᠠᠭᠴᠠᠭᠠᠷ ᠢᠶᠠᠨ ᠵᠣᠭᠰᠤᠭ᠎ᠠ ᠬᠠᠶᠢᠯᠠᠰᠤᠨ ᠮᠣᠳᠣ ᠶᠢ ᠨᠠᠢᠮᠠᠨ ᠵᠠᠭᠤᠨ ᠵᠢᠯ ᠤᠨ ᠡᠮᠦᠨᠡᠬᠢ ᠠᠮᠢᠳᠤ ᠰᠤᠳᠤᠷ ᠭᠡᠪᠡ ᠤᠤ︖  ᠤᠬᠠᠮᠰᠠᠷ ᠨᠢ ᠪᠡᠶ᠎ᠡ ᠠᠴᠠ ᠪᠠᠨ ᠥᠨᠳᠥᠷ ᠮᠣᠳᠣᠳ ᠤᠨ ᠨᠠᠰᠤᠨ ᠬᠤᠲᠤᠭ ᠨᠢ ᠴᠦ ᠥᠨᠳᠥᠷ ᠠ᠋  ᠁︾ ᠭᠡᠵᠦ ᠶᠠᠷᠢᠬᠤ ᠲᠤᠳᠤᠮ ᠲᠠᠭᠤ ᠨᠢ ᠴᠢᠩᠭᠠᠷᠠᠵᠤ ᠪᠠᠶᠢᠪᠠ᠃ ᠲᠡᠶᠢᠮᠦ ᠠ᠋᠂ ᠮᠣᠳᠣᠳ ᠤᠨ ᠨᠠᠪᠴᠢᠰ ᠨᠠᠮᠤᠷ ᠢᠶᠠᠷ ᠦᠨᠳᠦᠰᠦ ᠤᠷᠤᠭᠤ ᠪᠠᠨ ᠨᠢᠰᠦᠨ᠎ᠡ᠃ ᠴᠢ ᠨᠠᠷᠢᠨ ᠠᠵᠢᠭᠯᠠᠪᠠᠯ ᠥᠨᠥᠴᠢᠨ ᠭᠠᠭᠴᠠ ᠨᠠᠪᠴᠢ ᠨᠢ ᠴᠦ ᠪᠤᠷᠬᠠᠨ ᠰᠢᠭ᠋ ᠦᠵᠡᠭᠳᠡᠨ᠎ᠡ᠃ ᠮᠣᠳᠣᠳ ᠡᠪᠦᠯ ᠤᠨ ᠲᠡᠰᠭᠢᠮ᠎ᠠ ᠬᠦᠢᠲᠡᠨ ᠳᠤ ᠠᠵᠢᠭ ᠴᠦ ᠦᠭᠡᠢ ᠨᠢᠴᠦᠭᠦᠨ ᠵᠤᠬᠰᠤᠬᠤ ᠨᠢ ᠲᠤᠤᠯᠢᠰ ᠤᠨ ᠪᠠᠭᠠᠲᠤᠷ ᠢ ᠰᠠᠨᠠᠭᠳᠠᠭᠤᠯᠤᠨ᠎ᠠ  ᠁      ᠵᠡᠭᠦᠨᠰᠢ ᠮᠤᠷᠤᠶᠢᠭᠰᠠᠨ ᠤᠢ ᠶᠢᠨ ᠨᠠᠷᠢᠬᠠᠨ ᠵᠥᠷᠢᠭ ᠢᠶᠠᠷ ᠠᠯᠬᠤᠨ ᠣᠷᠣᠲᠠᠯ᠎ᠠ ᠨᠢᠭᠡᠨ ᠴᠠᠭᠠᠨ ᠲᠠᠤᠯᠠᠢ ᠰᠣᠴᠢᠮᠠᠭ ᠪᠣᠰᠴᠤ᠂ ᠴᠠᠭᠠᠰᠢ ᠲᠠᠯᠲᠠᠷᠢᠪᠠ᠃ ᠤᠢ ᠶᠢ ᠤᠶᠢᠳᠬᠠᠷ ᠤᠨ ᠮᠠᠨᠠᠨ ᠪᠦᠷᠬᠦᠵᠦ ᠴᠢᠳᠠᠬᠤ ᠦᠭᠡᠢ᠃ ᠲᠡᠨᠳᠡ ᠨᠠᠷᠠ ᠬᠤᠷᠭᠤᠳᠠᠵᠤ ᠰᠠᠷᠠ ᠬᠤᠨᠣᠳᠠᠭ ᠠᠴᠠ ᠭᠡᠷᠡᠯ ᠭᠡᠭᠡ ᠳᠤᠲᠠᠬᠤ ᠦᠭᠡᠢ᠃ ᠨᠠᠷᠠᠨ ᠰᠠᠷᠠᠨ ᠤ ᠭᠡᠷᠡᠯ ᠢᠶᠠᠷ ᠪᠡᠶ᠎ᠡ ᠪᠠᠨ ᠴᠡᠨᠡᠭᠯᠡᠭᠰᠡᠨ ᠤᠢ ᠮᠣᠳᠣᠳ ᠥᠨᠢ ᠣᠮᠤᠭ ᠰᠦᠷ ᠲᠠᠢ ᠰᠡᠬᠦᠶᠢᠨ᠎ᠡ᠃  ᠭᠡᠬᠦ ᠳᠡᠭᠡᠨ ᠠᠮᠢᠳᠠᠨ ᠵᠢᠷᠭᠤᠭᠠᠨ ᠵᠦᠢᠯ ᠤᠢ ᠮᠣᠳᠣᠨ ᠳᠤ ᠰᠡᠳᠬᠢᠯᠭᠡ ᠲᠠᠢ ᠪᠠᠶᠢᠵᠤ᠂ ᠰᠠᠯᠤᠰᠢ ᠦᠭᠡᠢ ᠡᠭᠡᠨᠡᠭᠰᠢᠨ ᠬᠤᠷᠭᠤᠳᠠᠳᠠᠭ ᠨᠢ ᠲᠡᠷᠡ ᠠ᠋︕      ᠤᠷᠳᠤ ᠴᠠᠭᠠᠨ ᠰᠠᠬᠠᠯ ᠨᠢ ᠡᠩᠭᠡᠷ ᠲᠤᠨᠢ ᠬᠥᠪᠦᠭᠰᠡᠨ ᠡᠪᠦᠭᠡᠨ ᠰᠢᠭ ᠪᠤᠭᠤᠷᠤᠯ ᠱᠠᠩᠰᠢ ᠶᠢᠨ ᠰᠠᠯᠠᠭ᠎ᠠ ᠨᠠᠮᠠᠭ᠎ᠠ ᠭᠠᠵᠠᠷ ᠤᠨ ᠬᠥᠷᠥᠰᠥ ᠶᠢ ᠰᠢᠭᠦᠷᠴᠦ ᠰᠡᠬᠦᠶᠢᠨ ᠰᠦᠨᠳᠡᠷᠯᠡᠭᠡᠳ ᠶᠣᠰᠣᠲᠠᠢ ᠰᠦᠵᠢᠭ ᠤᠨ ᠰᠠᠬᠢᠭᠤᠰᠤ ᠭᠡᠮᠡᠷ᠃ ᠡᠨᠡ ᠵᠢᠯ ᠤᠨ ᠬᠠᠪᠤᠷ ᠤᠨ ᠡᠬᠢ ᠪᠠᠷ ᠨᠤᠲᠤᠭ ᠮᠢᠨᠢ ᠭᠠᠩᠳᠠᠬᠤ ᠪᠠᠷ ᠠᠶᠢᠯ ᠤᠨ ᠡᠪᠦᠭᠡᠳ ᠭᠠᠭ᠋ᠠᠢ᠂ ᠲᠠᠭᠢᠶ᠎ᠠ ᠨᠢᠲᠤᠯᠵᠤ ᠰᠢᠳᠦᠨ ᠳᠠᠬᠢᠭᠰᠠᠨ ᠠᠴᠠ ᠡᠳᠦᠷ ᠥᠨᠵᠢᠯ ᠦᠭᠡᠢ ᠪᠣᠷᠣᠭᠠᠨ ᠴᠢᠳᠬᠤᠯᠠᠭᠰᠠᠨ ᠭᠡᠳᠡᠭ᠃ ᠮᠣᠳᠣ ᠲᠡᠭᠷᠢ ᠲᠠᠢ ᠦᠭᠡ ᠨᠡᠪᠲᠡᠷᠡᠳᠡᠭ ᠠᠴᠠ ᠶᠤᠮ ᠤᠤ︖ᠡᠰᠡᠬᠦᠯ᠎ᠡ ᠬᠤᠷ᠎ᠠ ᠪᠣᠷᠣᠭᠠᠨ ᠢ ᠳᠠᠭᠤᠳᠠᠨ ᠠᠪᠴᠢᠷᠠᠳᠠᠭ ᠨᠢᠭᠤᠴᠠ  ᠤᠪᠠᠳᠢᠰ ᠲᠠᠢ ᠴᠦ ᠶᠤᠮ ᠤᠤ︖ᠬᠥᠮᠥᠨ ᠪᠠᠶᠢᠭᠠᠯᠢ ᠡᠶ᠎ᠡ ᠨᠠᠶᠢᠷᠰᠠᠭ ᠢᠶᠠᠷ ᠬᠠᠮᠲᠤ ᠣᠷᠣᠰᠢᠬᠤ ᠶᠢᠨ ᠠᠨᠢᠰᠤ ᠲᠡᠷᠡ ᠪᠣᠯᠪᠠᠤ᠃      ︽ᠤᠢ ᠮᠣᠳᠣ ᠭᠡᠵᠦ ᠦᠨᠡᠬᠡᠷ ᠨᠢᠭᠤᠴᠠ ᠶᠢᠨ ᠳᠣᠲᠣᠷᠠᠬᠢ ᠨᠢᠭᠤᠴᠠ︾ ᠭᠡᠵᠦ ᠠᠮᠠᠨ ᠳᠠᠭᠠᠨ ᠳᠦᠳᠦᠨᠡᠬᠦ ᠶᠢᠨ ᠵᠠᠭᠤᠷ᠎ᠠ ᠠᠷᠤ ᠰᠢᠯᠢ ᠶᠢᠨ ᠤᠢ ᠶᠢᠨ ᠵᠥᠷᠢᠭ ᠢᠶᠠᠷ ᠠᠯᠬᠤᠵᠤ ᠪᠠᠶᠢᠭ᠎ᠠ ᠪᠢᠰᠢ᠂ ᠬᠠᠷᠢᠨ ᠠᠮᠤᠷ ᠠᠮᠤᠭᠤᠯᠠᠩ ᠤᠨ ᠣᠨᠢᠰᠤᠭ᠎ᠠ ᠰᠢᠭ᠋ ᠣᠷᠴᠢᠯᠠᠩ ᠢᠶᠠᠷ ᠠᠶᠠᠯᠠᠵᠤ ᠪᠠᠶᠢᠭ᠎ᠠ ᠭᠡᠮᠡᠷ ᠰᠠᠨᠠᠭᠳᠠᠯ᠎ᠠ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号